ᠵᠠᠮ ᠬᠠᠷᠢᠯᠴᠠᠭᠠᠨ ᠤ ᠴᠠᠭᠳᠠᠭ᠎ᠠ ᠠᠪᠠᠭ᠎ᠠ ᠂ ᠲᠠ ᠵᠦᠳᠡᠷᠡᠯ᠎ᠠ!

2017-03-14 / ᠬᠦᠬᠡᠬᠣᠲᠠ


20173148379710

ᠥᠴᠦᠭᠡᠳᠦᠷ ᠂ ᠬᠠᠶᠢᠯᠠᠷ ᠶᠡᠭᠡ ᠵᠡᠭᠡᠯᠢ ᠪᠣᠯᠤᠨ ᠵᠡᠯᠮ᠎ᠡ ᠵᠠᠮ ᠤᠨ ᠠᠭᠤᠯᠵᠠᠷ ᠳᠡᠭᠡᠷ᠎ᠠ ᠵᠢᠵᠢᠭᠦᠷᠯᠡᠵᠦ ᠪᠠᠶᠢᠭ᠎ᠠ ᠵᠠᠮ ᠬᠠᠷᠢᠯᠴᠠᠭᠠᠨ ᠤ ᠴᠠᠭᠳᠠᠭ᠎ᠠ ᠨᠠᠷ ᠂  ᠨᠢᠭᠡ ᠪᠦᠯᠦᠭ ᠪᠢᠴᠢᠬᠠᠨ ᠨᠥᠭᠦᠳ ᠢ ᠤᠭᠲᠤᠨ ᠠᠪᠤᠯ᠎ᠠ᠃ ᠲᠡᠳᠡ ᠪᠣᠯ ᠴᠢᠩᠱᠠᠨ ᠪᠠᠭ᠎ᠠ ᠰᠤᠷᠭᠠᠭᠤᠯᠢ ᠶᠢᠨ 20 ᠭᠠᠷᠤᠢ ᠪᠠᠭᠰᠢ ᠰᠤᠷᠤᠭᠴᠢ ᠶᠢᠨ ᠪᠦᠯᠬᠦᠮ ᠪᠠᠶᠢᠯ᠎ᠠ᠃ ᠪᠠᠭᠰᠢ ᠰᠤᠷᠤᠭᠴᠢᠳ ᠵᠠᠮ ᠬᠠᠷᠢᠯᠴᠠᠭᠠᠨ ᠤ ᠴᠠᠭᠳᠠᠭ᠎ᠠ ᠳᠤ ᠬᠠᠮᠲᠤ  ᠳᠤ ᠪᠠᠨ ᠪᠡᠯᠡᠳᠬᠡᠭᠰᠡᠨ ᠪᠡᠯᠡᠭ ᠪᠠᠨ ᠬᠦᠷᠭᠡᠬᠦ ᠶᠢᠨ ᠬᠠᠮᠲᠤ ᠵᠢᠵᠢᠭᠦᠷᠯᠡᠬᠦ ᠭᠡᠷ ᠢ ᠨᠢ ᠴᠡᠪᠡᠷᠯᠡᠵᠦ ᠦᠭᠭᠦᠭᠰᠡᠨ ᠪᠠᠶᠢᠨ᠎ᠠ ᠃ ᠡᠭᠦᠨ ᠶᠢᠡᠷ ᠳᠠᠮᠵᠢᠨ ᠣᠯᠠᠨ ᠵᠢᠯ ᠰᠤᠷᠭᠠᠭᠤᠯᠢ ᠶᠢᠨ ᠤᠷᠴᠢᠨ ᠤ ᠵᠠᠮ ᠬᠠᠷᠢᠯᠴᠠᠭᠠᠨ ᠤ ᠠᠮᠤᠷ ᠳᠥᠪᠰᠢᠨ ᠢ ᠪᠠᠲᠤᠯᠠᠭᠰᠠᠨ ᠳᠤ ᠨᠢ ᠲᠠᠯᠠᠷᠬᠠᠭᠰᠠᠨ ᠰᠡᠳᠬᠢᠯ ᠪᠠᠨ ᠢᠯᠡᠳᠬᠡᠭᠰᠡᠨ ᠪᠠᠶᠢᠨ᠎ᠠ ᠃