ᠦᠭᠵᠢᠬᠦᠯᠦᠯᠲᠡ ᠦᠭᠡᠷᠡᠴᠢᠯᠡᠯᠲᠡ  ᠶᠢᠨ ᠬᠤᠷᠢᠶ᠎ᠠ ᠄ ᠮᠤᠵᠢ ᠨᠢᠭᠡᠪᠦᠷᠢ ᠴᠦ᠍ᠮ ᠡᠷᠭᠡᠪᠰᠢ ᠵᠢᠯ  ᠤᠨ ᠡᠴᠦᠰ  ᠠᠴᠠ ᠡᠮᠦᠨ᠎ᠡ ᠡᠷᠦᠬᠡ ᠠᠮᠠ  ᠶᠢᠨ ᠬᠠᠷᠢᠶᠠᠯᠠᠯ  ᠤᠨ ᠦᠭᠡᠷᠡᠴᠢᠯᠡᠯᠲᠡ  ᠶᠢᠨ ᠳᠦᠰᠦᠯ ᠢᠶᠡᠨ ᠨᠡᠶᠢᠲᠡᠯᠡᠬᠦ ᠬᠡᠷᠡᠭᠲᠡᠢ

2015-11-10 / ᠬᠦᠬᠡᠬᠣᠲᠠ


ᠰᠢᠨᠬᠤᠸᠠ ᠰᠦ᠍ᠯᠵᠢᠶᠠᠨ  ᠣ ᠪᠡᠭᠡᠵᠢᠩ  ᠤᠨ 11 ᠰᠠᠷ᠎ᠠ  ᠶᠢᠨ 3  ᠣ ᠡᠳᠦᠷ  ᠤᠨ ᠮᠡᠲᠡᠭᠡ ︵ ᠰᠤᠷᠪᠤᠯᠵᠢᠯᠠᠭᠴᠢ ᠶᠤᠸᠠᠨᠬᠠᠨ ︶ ᠳᠦᠷᠦ  ᠶᠢᠨ ᠶᠠᠪᠤᠲᠠᠯ  ᠤᠨ ᠬᠤᠷᠢᠶᠠᠨ  ᠣ ᠰᠤᠨᠢᠨ ᠮᠡᠲᠡᠭᠡᠨ  ᠣ ᠠᠯᠪᠠᠨ ᠭᠡᠷ ᠦᠲᠡ  ᠶᠢᠨ ᠬᠤᠶᠢᠨ᠎ᠠ  ᠶᠢᠨ 3 ᠴᠠᠭ ᠲᠣᠰᠤᠨᠢᠨ ᠮᠡᠲᠡᠭᠡ ᠨᠡᠶᠢᠲᠡᠯᠡᠬᠦ ᠬᠤᠷᠠᠯ ᠬᠢᠵᠦ ᠂ ᠣᠯᠣᠰ  ᠤᠨ ᠬᠦᠭᠵᠢᠬᠦᠯᠦᠯᠲᠡ ᠪᠤᠯᠤᠨ ᠦᠭᠡᠷᠡᠴᠢᠯᠡᠯᠲᠡ  ᠶᠢᠨ ᠬᠤᠷᠢᠶᠠᠨ ᠣᠡᠷᠬᠢᠯᠡᠭᠴᠢ ᠰᠢᠤᠢ ᠱᠣᠣ ᠱᠢ  ᠶᠢ ᠤᠷᠢᠵᠤ ᠂ ᠨᠠᠮ  ᠤᠨ ᠠᠷᠪᠠᠨ ᠨᠠᠢᠮᠠᠲᠤᠭᠠᠷ ᠬᠤᠭᠤᠴᠠᠭᠠᠨ  ᠣ ᠳᠦ᠍ᠪ ᠬᠤᠷᠢᠶᠠᠨ  ᠣ ᠲᠠᠪᠤᠲᠤᠭᠠᠷᠪᠦᠬᠦᠲᠠ ᠬᠤᠷᠠᠯ  ᠤᠨ ᠵᠤᠷᠢᠭ ᠰᠠᠨᠠᠭ᠎ᠠ  ᠶᠢ ᠳᠤᠤᠱᠯᠠᠭᠤᠯᠤᠨ ᠨᠠᠶᠢᠲᠠᠪᠤᠷᠢᠵᠢᠭᠤᠯᠵᠤ ᠂ ᠣᠯᠤᠰ ᠠᠷᠠᠳ  ᠤᠨ ᠠᠵᠤ ᠠᠬᠤᠢ ᠪᠤᠯᠤᠨᠨᠡᠶᠢᠭᠡᠮ  ᠤᠨ ᠬᠦᠭᠵᠢᠯᠲᠠ  ᠶᠢᠨ ᠠᠷᠪᠠᠨ ᠭᠤᠷᠪᠠᠲᠤᠭᠠᠷ ᠲᠠᠪᠤᠨ ᠵᠢᠯ  ᠤᠨ ᠳᠦᠯᠦᠪᠵᠢᠬᠦᠯᠭᠡ  ᠶᠢᠨ ᠳᠤᠪᠴᠢ  ᠶᠢ ᠨᠠᠶᠢᠷᠠᠭᠤᠯᠤᠨᠵᠤᠬᠢᠶᠠᠬᠤ ᠬᠤᠯᠪᠤᠭᠲᠠᠯ ᠪᠦᠬᠦᠢ ᠪᠠᠶᠢᠲᠠᠯ  ᠤᠨ ᠳᠤᠬᠠᠢ ᠲᠠᠨᠢᠯᠴᠠᠭᠤᠯᠤᠭᠰᠠᠨ ᠪᠦᠬᠡᠳ ᠰᠤᠷᠪᠤᠯᠵᠢᠯᠠᠭᠴᠢ  ᠶᠢᠨ ᠠᠰᠠᠭᠤᠯᠲᠠ ᠶᠢᠬᠠᠷᠢᠭᠤᠯᠵᠠᠢ ᠃ ᠤᠲᠤᠬᠠᠨ ᠳ᠋ᠥ ᠶᠠᠭ ᠲᠤᠤᠷᠠᠬᠢ ᠮᠠᠲᠤ ᠬᠡᠳᠦᠨ ᠠᠷᠭ᠎ᠠ ᠬᠡᠮᠵᠢᠶ᠎ᠠ  ᠶᠢ ᠠᠪᠴᠦ ᠪᠠᠶᠢᠨ᠎ᠠ ᠄ ᠡᠷᠦᠬᠡ ᠠᠮᠠ ᠤᠷᠤᠭᠤᠯᠬᠤᠵᠠᠮ  ᠢ ᠦᠷᠭᠡᠳᠭᠡᠵᠦ ᠂ ᠡᠷᠦᠬᠡ ᠠᠮᠠ ᠤᠷᠤᠬᠤ ᠬᠦ᠍ᠰᠡᠯ ᠳᠡᠢ ᠪᠦ᠍ᠬᠡᠳ ᠴᠢᠲᠠᠪᠤᠷᠢ ᠳᠠᠢ ᠬᠦᠲᠡᠭᠡ ᠲᠤᠰᠬᠤᠨ  ᠣ ᠰᠢᠯᠵᠢᠭᠰᠡᠨᠬᠦᠮᠦᠨ ᠠᠮᠠ  ᠶᠢ ᠬᠤᠲᠠ  ᠶᠢᠨ ᠡᠷᠦᠬᠡ ᠠᠮᠠ ᠳᠡᠢ ᠪᠤᠯᠭᠠᠨ᠎ᠠ ᠃ ᠳᠦᠷᠦ  ᠶᠢᠨ ᠶᠠᠪᠤᠲᠠᠯ  ᠤᠨ ᠬᠤᠷᠢᠶ᠎ᠠ ᠨᠢᠲᠤᠨᠤᠨ ᠡᠷᠦᠬᠡ ᠠᠮᠠᠶᠢᠨ ᠬᠠᠷᠢᠶᠠᠯᠠᠯ  ᠤᠨ ᠳᠦᠷᠢᠮ  ᠢ ᠦᠭᠡᠷᠡᠴᠢᠯᠡᠬᠦ ᠰᠠᠨᠠᠯ  ᠢ ᠳᠠᠷᠤᠮᠠᠯᠯᠠᠨ ᠲᠠᠷᠬᠠᠭᠠᠵᠠᠢ ᠂ ᠤᠲᠤ ᠪᠤᠯᠲᠠᠯ᠎ᠠ 25 ᠮᠤᠵᠢ ︵ ᠤᠷᠤᠨ ᠂ᠬᠤᠲᠠ ︶  ᠶᠢᠨ  ᠬᠢᠨ ᠡᠷᠦᠬᠡ ᠠᠮᠠ  ᠶᠢᠨ ᠬᠠᠷᠢᠶᠠᠯᠠᠯ  ᠤᠨ ᠳᠦᠷᠢᠮ  ᠢ ᠦᠭᠡᠷᠡᠴᠢᠯᠡᠬᠦ ᠳᠦ᠍ᠰᠦᠯ ᠢᠶᠡᠨ ᠨᠡᠶᠢᠲᠡᠯᠡᠵᠡᠢ ᠂ ᠪᠢᠲᠠ ᠮᠤᠵᠢᠨᠢᠭᠡᠪᠦᠷᠢ ᠴᠦ᠍ᠮ ᠡᠷᠭᠡᠪᠰᠢ ᠵᠢᠯ  ᠤᠨ ᠡᠴᠦᠰ  ᠠᠴᠠ ᠡᠮᠦᠨ᠎ᠡ ᠡᠷᠦᠬᠡ ᠠᠮᠠ  ᠶᠢᠨ ᠬᠠᠷᠢᠶᠠᠯᠠᠯ  ᠤᠨ ᠦᠭᠡᠷᠡᠴᠢᠯᠡᠯᠲᠡ  ᠶᠢᠨ ᠳᠦᠰᠦᠯᠢᠶᠡᠨ ᠨᠡᠶᠢᠲᠡᠯᠡᠬᠦ ᠬᠡᠷᠡᠭᠲᠡᠢ ᠭᠡᠵᠤ ᠱᠠᠭᠠᠷᠲᠠᠵᠤ ᠪᠠᠶᠢᠨ᠎ᠠ ᠃ ᠬᠦᠲᠡᠭᠡ ᠲᠤᠰᠬᠤᠨ  ᠠᠴᠠ ᠰᠢᠯᠵᠢᠭᠰᠡᠨ ᠬᠦᠮᠦᠨ ᠠᠮᠠ ᠬᠤᠲᠠᠪᠠᠯᠭᠠᠰᠦᠨ ᠳ᠋ᠥ ᠡᠷᠦᠬᠡ ᠠᠮᠠ ᠤᠷᠤᠭᠰᠠᠨ  ᠣ ᠲᠠᠷᠠᠭ᠎ᠠ ᠬᠤᠲᠠ ᠪᠠᠯᠭᠠᠰᠦᠨ  ᠣ ᠤᠯᠠᠨ ᠨᠡᠶᠢᠲᠡ  ᠶᠢᠨ ᠦᠢᠯᠡᠴᠢᠯᠡᠭᠡ  ᠶᠢ ᠬᠦ᠍ᠷᠲᠡᠬᠦᠪᠤᠯᠤᠨ᠎ᠠ ᠃ ᠮᠢᠨᠦ ᠤᠶᠢᠯᠠᠭᠠᠬᠤ ᠪᠠᠷ ᠤᠯᠠᠨ ᠨᠡᠶᠢᠲᠡ  ᠶᠢᠨ ᠦᠢᠯᠡᠴᠢᠯᠡᠭᠡ ᠳ᠋ᠥ ᠠᠵᠢᠯ ᠤᠯᠭᠤᠬᠤ ᠂ ᠤᠷᠤᠨ ᠰᠠᠭᠤᠴᠠ ᠂ ᠡᠮᠡᠮᠨᠡᠯᠭᠡ ᠂ ᠨᠡᠶᠢᠭᠡᠮ  ᠤᠨ ᠪᠠᠲᠤᠯᠠᠭ᠎ᠠ ᠂ ᠰᠤᠷᠭᠠᠨ ᠬᠦᠮᠦᠵᠢᠯ ᠵᠡᠷᠭᠡ ︽ ᠲᠠᠪᠤᠨ ᠶᠠᠪᠤᠲᠠᠯ ︾ ᠪᠤᠯ ᠬᠠᠮᠤᠭ  ᠤᠨ ᠭᠤᠤᠯ ᠪᠤᠯᠤᠨ᠎ᠠ ᠃ᠡᠨᠡ ᠲᠠᠪᠤᠨ ᠲᠠᠯ᠎ᠠ  ᠶᠢᠨ ᠤᠯᠠᠨ ᠨᠡᠶᠢᠲᠡ  ᠶᠢᠨ ᠦᠢᠯᠡᠴᠢᠯᠡᠭᠡ  ᠶᠢ ᠡᠳ᠋ᠯᠡᠭᠡᠳ ᠴᠢᠲᠠᠪᠠᠯ ᠬᠦᠲᠡᠭᠡ ᠲᠤᠰᠬᠤᠨ  ᠠᠴᠠ ᠰᠢᠯᠵᠢᠭᠰᠡᠨᠬᠦᠮᠦᠨ ᠠᠮᠠ ᠬᠤᠲᠠ ᠳ᠋ᠥ ᠠᠮᠢᠲᠤᠷᠠᠵᠤ ᠪᠤᠯᠤᠨ᠎ᠠ ᠃ ᠬᠤᠶᠠᠲᠤᠭᠠᠷ ᠠᠷᠭ᠎ᠠ ᠬᠡᠮᠵᠢᠶ᠎ᠠ ᠭᠡᠪᠡᠯ ᠂ ᠪᠢᠲᠠ ︽ ᠭᠤᠷᠪᠠ ᠶᠢᠬᠤᠯᠪᠤᠯᠲᠤᠭᠤᠯᠬᠤ ︾ ᠳᠤᠭᠲᠠᠴᠠ  ᠶᠢ ᠳᠦ᠍ᠷᠭᠡᠪᠴᠢᠯᠡᠨ ᠬᠡᠷᠡᠭᠵᠢᠬᠦᠯᠵᠦ ᠂ ᠬᠤᠲᠠ  ᠶᠢᠨ ᠵᠠᠰᠠᠭ  ᠤᠨ ᠣᠷᠲᠣᠨ  ᠣ ᠬᠦᠲᠡᠭᠡᠲᠤᠰᠬᠤᠨ  ᠠᠴᠠ ᠰᠢᠯᠵᠢᠭᠰᠡᠨ ᠬᠦᠮᠦᠨ ᠠᠮᠠ  ᠶᠢᠨ ᠡᠷᠦᠬᠡ ᠠᠮᠠ  ᠶᠢ ᠤᠷᠤᠭᠤᠯᠵᠤ ᠠᠪᠬᠤ ᠢᠲᠡᠪᠬᠢᠵᠢᠯ  ᠢ ᠳᠠᠶᠢᠴᠢᠯᠠᠨ᠎ᠠ ᠃ ︽ᠭᠤᠷᠪᠠ  ᠶᠢ ᠬᠤᠯᠪᠤᠯᠲᠤᠭᠤᠯᠬᠤ ︾ ᠭᠡᠲᠡᠭ ᠪᠤᠯ ᠲᠠᠷᠤᠢ ᠡᠳ᠋  ᠤᠨ ᠵᠠᠰᠠᠭ  ᠤᠨ ᠰᠢᠯᠵᠢᠬᠦᠯᠦᠨ ᠦᠭᠬᠦ ᠬᠢᠭᠡᠳ ᠬᠦᠲᠡᠭᠡ ᠲᠤᠰᠬᠤᠨᠣ ᠰᠢᠯᠵᠢᠭᠰᠡᠨ ᠬᠦᠮᠦᠨ ᠠᠮᠠ  ᠶᠢ ᠬᠤᠲᠠ  ᠶᠢᠨ ᠠᠷᠠᠳ ᠪᠤᠯᠭᠠᠬᠤ  ᠶᠢ ᠬᠤᠯᠪᠤᠯᠲᠤᠭᠤᠯᠬᠤ ᠂ ᠬᠤᠲᠠ ᠪᠠᠯᠭᠠᠰᠦᠨ  ᠣ ᠪᠦᠳᠦᠭᠡᠨᠪᠠᠶᠢᠭᠤᠯᠤᠯᠲᠠ ᠳ᠋ᠥ ᠬᠡᠷᠡᠭᠯᠡᠬᠦ ᠭᠠᠵᠠᠷ  ᠢ ᠰᠢᠨ᠎ᠡ ᠪᠠᠷ ᠨᠡᠮᠡᠭᠲᠡᠬᠦᠯᠬᠦ ᠭᠦᠢᠴᠡᠳᠭᠡᠯ ᠲᠤᠭ᠎ᠠ ᠬᠢᠭᠡᠳ ᠬᠦᠲᠡᠭᠡ ᠲᠤᠰᠬᠤᠨ ᠣᠰᠢᠯᠵᠢᠭᠰᠡᠨ ᠬᠦᠮᠦᠨ ᠠᠮᠠ  ᠶᠢᠨ ᠡᠷᠦᠬᠡ ᠠᠮᠠ  ᠶᠢᠨ ᠲᠠᠩᠰᠠ ᠤᠷᠤᠭᠰᠠᠨ ᠲᠤᠭ᠎ᠠ  ᠶᠢ ᠬᠤᠯᠪᠤᠯᠲᠤᠭᠤᠯᠬᠤ ᠂ ᠳᠦᠪ ᠤᠨᠦᠨᠳᠦᠰᠦᠨ ᠪᠦᠳᠦᠭᠡᠨ ᠪᠠᠶᠢᠭᠤᠯᠤᠯᠲᠠ  ᠶᠢᠨ ᠪᠠᠯᠠ ᠤᠷᠤᠭᠤᠯᠤᠯᠲᠠ  ᠶᠢᠨ ᠳᠤᠬᠢᠷᠠᠭᠤᠯᠤᠯᠲᠠ ᠬᠢᠭᠡᠳ ᠲᠠᠷᠢᠶᠠᠯᠠᠩ ᠤᠨᠰᠢᠯᠵᠢᠭᠰᠡᠨ ᠬᠦᠮᠦᠨ ᠠᠮᠠ  ᠶᠢᠨ ᠬᠤᠲᠠ  ᠶᠢᠨ ᠠᠷᠠᠳ ᠪᠤᠯᠤᠭᠰᠠᠨ ᠳᠤᠭ᠎ᠠ  ᠶᠢ ᠬᠤᠯᠪᠤᠯᠲᠤᠭᠤᠯᠬᠤ  ᠶᠢ ᠬᠡᠯᠡᠵᠦ ᠪᠠᠶᠢᠨ᠎ᠠ ᠃ᠢᠩᠬᠢᠵᠦ ᠭᠤᠷᠪᠠ  ᠶᠢ ᠬᠤᠯᠪᠤᠯᠲᠤᠭᠤᠯᠬᠤ ᠪᠠᠷ ᠲᠠᠮᠵᠢᠭᠤᠯᠤᠨ ᠂ ᠬᠤᠲᠠ ᠪᠠᠯᠭᠠᠰᠦᠨ  ᠣ ᠵᠠᠰᠠᠭ  ᠤᠨ ᠤᠷᠲᠤᠨ  ᠣ ᠬᠦᠲᠡᠭᠡᠲᠤᠰᠬᠤᠨ  ᠣ ᠰᠢᠯᠵᠢᠭᠰᠡᠨ ᠬᠦᠮᠦᠨ ᠠᠮᠠ  ᠶᠢ ᠬᠦ᠍ᠯᠢᠶᠡᠨ ᠠᠪᠬᠤ  ᠶᠢ ᠵᠤᠷᠢᠭᠵᠢᠭᠤᠯᠤᠨ᠎ᠠ ᠃ ᠬᠡᠯᠡᠯᠭᠡᠨ ᠦᠭᠡᠢ ᠡᠯ᠎ᠡ ᠭᠠᠵᠠᠷ ᠤᠨᠬᠢᠨ ᠪᠠᠰᠠ ᠵᠠᠷᠢᠮ ᠰᠠᠶᠢᠨ ᠠᠷᠭ᠎ᠠ ᠬᠡᠮᠵᠢᠶ᠎ᠠ ᠭᠠᠷᠭᠠᠵᠠᠢ ᠂ ᠡᠳᠡᠭᠡᠷ  ᠢ ᠪᠢᠲᠠ ᠤᠲᠤ ᠶᠠᠭ ᠳ᠋ᠦᠩᠨᠡᠵᠦ ᠂ ᠳᠡᠯᠭᠡᠷᠡᠬᠦᠯᠦᠨ ᠬᠡᠷᠡᠭᠯᠡᠬᠦ ᠪᠠᠷᠴᠢᠷᠮᠠᠶᠢᠵᠤ ᠪᠠᠶᠢᠨ᠎ᠠ ᠃ ᠮᠢᠨᠦ ᠴᠢᠬᠤᠯᠠᠴᠢᠯᠠᠨ ᠬᠡᠯᠡᠬᠦ ᠵᠦ᠍ᠢᠯ ᠭᠡᠪᠡᠯ ᠂ ᠬᠤᠲᠠ ᠪᠠᠯᠭᠠᠰᠤᠴᠢᠯᠠᠬᠤ ᠳ᠋ᠥ ᠦᠨᠡᠨ ᠳ᠋ᠡᠭᠡᠨ ᠪᠠᠰᠠ ᠨᠢᠭᠡᠴᠢᠬᠤᠯᠠ ᠡᠬᠦᠷᠭᠡ ᠪᠠᠶᠢᠲᠠᠭ ᠂ ᠳᠤᠬᠠᠶᠢᠯᠠᠪᠠᠯ ᠰᠢᠨ᠎ᠡ ᠬᠦ᠍ᠲᠡᠭᠡ ᠳᠤᠰᠬᠤᠨ  ᠣ ᠪᠦᠳᠦᠭᠡᠨ ᠪᠠᠶᠢᠭᠤᠯᠤᠯᠲᠠ  ᠶᠢ ᠳᠠᠶᠢᠴᠢᠯᠠᠵᠤ ᠂ᠬᠦᠲᠡᠭᠡ ᠲᠤᠰᠬᠤᠨ  ᠣ ᠦᠢᠯᠡᠳᠪᠦᠷᠢᠯᠡᠯ ᠠᠮᠢᠲᠤᠷᠠᠯ  ᠤᠨ ᠨᠦᠬᠦᠴᠠᠯ  ᠢ ᠤᠯᠠᠮ ᠴᠢᠨᠠᠭᠰᠢᠲᠠ ᠰᠠᠶᠢᠵᠢᠷᠠᠭᠤᠯᠬᠤ ᠬᠡᠷᠡᠭᠲᠡᠢ ᠃