ᠣᠯᠣᠰ  ᠤᠨ ᠡᠷᠡᠬᠦᠯ ᠬᠠᠮᠠᠭᠠᠯᠠᠯ ᠪᠤᠯᠤᠨ ᠳᠦᠯᠦᠪᠯᠡᠭᠡᠲᠤ ᠦᠷᠡᠵᠢᠯ  ᠤᠨ ᠠᠵᠢᠯ  ᠤᠨ ᠬᠤᠷᠢᠶᠠᠨ  ᠣ ᠳᠤᠰᠢᠶᠠᠯᠲᠠᠨ ᠄ ︽ ᠬᠤᠶᠠᠷ ᠬᠡᠦᠭᠡᠳ ᠠᠪᠬᠤ  ᠶᠢ ᠪᠦ᠍ᠬᠦ ᠲᠠᠯ᠎ᠠ ᠪᠠᠷᠴᠢᠯᠦᠭᠡᠲᠡᠢ ᠪᠤᠯᠭᠠᠬᠤ ︾ ᠳᠦᠷᠦ  ᠶᠢᠨ ᠪᠤᠲᠤᠯᠭ᠎ᠠ  ᠶᠢ ᠬᠡᠵᠢᠶ᠎ᠠ  ᠠᠴᠠ ᠡᠬᠢᠯᠡᠵᠦ ᠬᠡᠷᠡᠭᠵᠢᠬᠦᠯᠬᠦ  ᠶᠢ ᠤᠯᠤᠰ ᠳᠠᠶᠠᠭᠠᠷ ᠲᠣ ᠨᠢᠭᠡᠲᠤᠯᠳᠡᠢ ᠲᠤᠭᠲᠠᠭᠠᠨ᠎ᠠ

2015-11-10 / ᠬᠦᠬᠡᠬᠣᠲᠠ


ᠳᠦᠪ ᠷᠠᠳᠢᠤ  ᠶᠢᠨ ᠰᠦᠯᠵᠢᠶᠠᠨ  ᠣ ᠪᠡᠭᠡᠵᠢᠩ  ᠤᠨ 11 ᠰᠠᠷ᠎ᠠ  ᠶᠢᠨ 4  ᠣ ᠡᠳᠦᠷ  ᠤᠨ ᠮᠡᠲᠡᠭᠡ ︽ ᠲᠤᠮᠳᠠᠳᠦ ᠤᠯᠤᠰᠤᠨ ᠲᠠᠭᠤᠨ ︾ ᠫᠷᠤᠭ᠍ᠷᠠᠮ  ᠤᠨ ᠮᠡᠲᠡᠭᠡᠯᠡᠭᠰᠡᠨ  ᠢ ᠦᠨᠳᠦᠰᠦᠯᠡᠪᠡᠯ ᠂ ᠠᠷᠪᠠᠨ ᠨᠠᠢᠮᠠᠲᠤᠭᠠᠷ ᠬᠤᠭᠤᠴᠠᠭᠠᠨ  ᠣ ᠳᠦ᠍ᠪ ᠬᠤᠷᠢᠶᠠᠨ ᠣᠳᠠᠪᠤᠲᠤᠭᠠᠷ ᠪᠦᠬᠦᠲᠠ ᠬᠤᠷᠠᠯ  ᠠᠴᠠ ︽ ᠡᠷ᠎ᠡ ᠡᠮ᠎ᠡ ᠬᠤᠶᠠᠭᠤᠯᠠ ᠬᠤᠶᠠᠷ ᠬᠡᠦᠭᠡᠳ ᠠᠪᠴᠦ ᠪᠤᠯᠬᠤ ᠳᠦ᠍ᠷᠦ  ᠶᠢᠨ ᠪᠤᠲᠤᠯᠭ᠎ᠠ ᠶᠢᠪᠦᠬᠦ ᠲᠠᠯ᠎ᠠ ᠪᠠᠷ ᠬᠡᠷᠡᠭᠵᠢᠬᠦᠯᠦᠨ᠎ᠡ ︾ ᠭᠡᠵᠤ ᠳᠤᠷᠠᠲᠤᠭᠰᠠᠨ  ᠠᠴᠠ ᠨᠠᠰᠢ ᠤᠯᠤᠰ ᠳᠠᠶᠠᠭᠠᠷ ᠡᠨᠡ ᠳᠤᠬᠠᠢ ᠬᠠᠯᠠᠭᠤᠨ ᠢᠶᠡᠷᠶᠠᠷᠢᠯᠴᠠᠵᠤ ᠪᠠᠶᠢᠨ᠎ᠠ ᠃ ᠣᠯᠣᠰ  ᠤᠨ ᠡᠷᠡᠬᠦᠯ ᠬᠠᠮᠠᠭᠠᠯᠠᠯ ᠪᠤᠯᠤᠨ ᠳᠦᠯᠦᠪᠯᠡᠭᠡᠲᠤ ᠦᠷᠡᠵᠢᠯ  ᠤᠨ ᠠᠵᠢᠯ  ᠤᠨ ᠬᠤᠷᠢᠶᠠᠨ  ᠣ ᠳᠦᠯᠦᠪᠯᠡᠭᠡᠲᠤᠦᠷᠡᠵᠢᠯ  ᠤᠨ ᠠᠵᠢᠯ  ᠤᠨ ᠦᠨᠳᠦᠰᠦᠨ ᠱᠠᠳᠦ  ᠶᠢ ᠵᠢᠯᠭᠤᠳᠬᠤ ᠵᠤᠷᠭᠠᠨ  ᠣ ᠲᠠᠷᠤᠭ᠎ᠠ ᠶᠠᠩ ᠸᠸᠨ ᠵᠤᠸᠠᠩ ᠄ ︽ ᠬᠤᠶᠠᠷᠬᠡᠦᠭᠡᠳ ᠠᠪᠴᠦ ᠪᠤᠯᠬᠤ ᠳᠦ᠍ᠷᠦ  ᠶᠢᠨ ᠪᠤᠲᠤᠯᠭ᠎ᠠ  ᠶᠢ ᠪᠦ᠍ᠬᠦ ᠲᠠᠯ᠎ᠠ ᠪᠠᠷ ᠬᠡᠷᠡᠭᠵᠢᠬᠦᠯᠬᠦ ᠪᠠ ᠡᠷ᠎ᠡ ᠡᠮ᠎ᠡ ᠬᠤᠶᠠᠷ  ᠤᠨ ᠨᠢᠭᠡ ᠨᠢᠬᠦᠮᠦᠨ  ᠣ ᠭᠠᠭᠴᠠ ᠬᠡᠦᠭᠡᠳ ᠪᠤᠯ ᠬᠤᠶᠠᠲᠤᠭᠠᠷ ᠬᠡᠦᠭᠡᠳ ᠠᠪᠴᠦ ᠪᠤᠯᠬᠤ ᠳᠤᠬᠠᠢ ᠳᠦ᠍ᠷᠦ  ᠶᠢᠨ ᠪᠤᠲᠤᠯᠭ᠎ᠠ  ᠶᠢᠨ ᠬᠡᠷᠡᠭᠵᠢᠬᠦᠯᠬᠦᠴᠠᠭ  ᠨᠢ ᠠᠲᠠᠯᠢ ᠦᠭᠡᠢ ᠃ ᠡᠷ᠎ᠡ ᠡᠮ᠎ᠡ ᠬᠤᠶᠠᠷ  ᠤᠨ ᠨᠢᠭᠡ  ᠨᠢ ᠬᠦ᠍ᠮᠦᠨ  ᠣ ᠭᠠᠭᠴᠠ ᠬᠡᠦᠭᠡᠳ ᠪᠤᠯ ᠬᠤᠶᠠᠲᠤᠭᠠᠷ ᠬᠡᠦᠭᠡᠳᠠᠪᠴᠦ ᠪᠤᠯᠬᠤ ᠳᠦ᠍ᠷᠦ  ᠶᠢᠨ ᠪᠤᠲᠤᠯᠭ᠎ᠠ  ᠶᠢ ᠪᠤᠯ ᠤᠷᠤᠨ ᠨᠤᠲᠤᠭ ᠲᠣ ᠡᠷᠭᠡ ᠤᠯᠭᠤᠵᠤ ᠪᠠᠶᠢᠭᠠᠳ ᠳᠦᠷᠢᠮ ᠳ᠋ᠥ ᠵᠠᠰᠠᠪᠤᠷᠢᠤᠷᠤᠭᠤᠯᠵᠤ ᠬᠡᠷᠡᠭᠵᠢᠬᠦᠯᠦᠭᠰᠡᠨ ᠶᠤᠮ ᠂ ᠡᠯ᠎ᠡ ᠭᠠᠵᠠᠷ  ᠤᠨ ᠠᠷᠠᠳ  ᠤᠨ ᠳᠦᠯᠦᠭᠡᠯᠡᠭᠴᠢᠳ  ᠤᠨ ᠶᠡᠬᠡ ᠬᠤᠷᠠᠯ  ᠤᠨ ᠬᠤᠷᠠᠯᠳᠤᠬᠤᠴᠠᠭ  ᠨᠢ ᠠᠲᠠᠯᠢ ᠦᠭᠡᠢ ᠪᠤᠯᠬᠤᠷ ᠡᠬᠢᠯᠡᠵᠦ ᠬᠡᠷᠡᠭᠵᠢᠬᠦᠯᠬᠦ ᠴᠠᠭ  ᠨᠢ ᠴᠦ ᠠᠲᠠᠯᠢ ᠦᠭᠡᠢ ᠪᠤᠯᠤᠭᠰᠠᠨ ᠶᠤᠮ ᠃ ᠬᠠᠷᠢᠨ ᠬᠤᠶᠠᠷᠬᠡᠦᠭᠡᠳ ᠠᠪᠬᠤ  ᠶᠢ ᠪᠦ᠍ᠬᠦ ᠲᠠᠯ᠎ᠠ ᠪᠠᠷ ᠴᠢᠯᠦᠭᠡᠲᠡᠢ ᠪᠤᠯᠭᠠᠬᠤ ᠳᠦ᠍ᠷᠦ  ᠶᠢᠨ ᠪᠤᠲᠤᠯᠭ᠎ᠠ  ᠶᠢ ᠪᠤᠯ ︽ ᠬᠦᠮᠦᠨ ᠠᠮᠠ ᠪᠤᠯᠤᠨᠳᠦᠯᠦᠪᠯᠡᠭᠡᠲᠤ ᠦᠷᠡᠵᠢᠯ  ᠤᠨ ᠠᠵᠢᠯ  ᠤᠨ ᠬᠠᠤᠯᠢ ︾  ᠶᠢᠨ 18 ᠳ᠋ᠤᠭᠠᠷ ᠵᠦᠢᠯ  ᠳᠠᠬᠢ ︽ ᠤᠯᠤᠰ  ᠠᠴᠠ ᠡᠷ᠎ᠡ ᠡᠮᠡᠬᠤᠶᠠᠭᠤᠯᠠ ᠨᠢᠭᠡ ᠯᠠ ᠬᠡᠦᠭᠡᠳ ᠠᠪᠬᠤ  ᠶᠢ ᠰᠠᠨᠠᠭᠠᠴᠢᠯᠠᠨ᠎ᠠ ︾ ᠭᠡᠰᠡᠨ  ᠢ ︽ ᠡᠷ᠎ᠡ ᠡᠮ᠎ᠡ ᠬᠤᠶᠠᠭᠤᠯᠠ ᠬᠤᠶᠠᠷ ᠬᠡᠦᠭᠡᠳ ᠠᠪᠴᠦᠪᠤᠯᠤᠨ᠎ᠠ ︾ ᠭᠡᠵᠤ ᠵᠠᠰᠠᠭᠰᠠᠨ  ᠣ ᠲᠠᠷᠠᠭ᠎ᠠ ᠬᠡᠷᠡᠭᠵᠢᠬᠦᠯᠬᠦ ᠪᠤᠯᠤᠨ᠎ᠠ ᠃ ᠡᠶᠢᠮᠦ  ᠠᠴᠠ ︽ ᠬᠦᠮᠦᠨ ᠠᠮᠠ ᠪᠤᠯᠤᠨ ᠳᠦᠯᠦᠪᠯᠡᠭᠡᠲᠤᠦᠷᠡᠵᠢᠯ  ᠤᠨ ᠠᠵᠢᠯ  ᠤᠨ ᠬᠠᠤᠯᠢ ︾ ᠳ᠋ᠥ ᠵᠠᠰᠠᠪᠤᠷᠢ ᠤᠷᠤᠭᠤᠯᠵᠤ ᠬᠡᠷᠡᠭᠵᠢᠬᠦᠯᠦᠭᠰᠡᠨ  ᠣ ᠲᠠᠷᠠᠭ᠎ᠠ ᠂ ᠬᠤᠶᠠᠷ ᠬᠡᠦᠭᠡᠳ ᠠᠪᠬᠤ ᠶᠢᠪᠦᠬᠦ ᠲᠠᠯ᠎ᠠ ᠪᠠᠷ ᠴᠢᠯᠦᠭᠡᠲᠡᠢ ᠪᠤᠯᠭᠠᠬᠤ ᠳᠦ᠍ᠷᠦ  ᠶᠢᠨ ᠪᠤᠲᠤᠯᠭ᠎ᠠ  ᠶᠢ ᠪᠦ᠍ᠬᠦ ᠤᠯᠤᠰ ᠲᠣ ᠨᠢᠭᠡᠳᠦᠯᠳᠡᠢ ᠬᠡᠷᠡᠭᠵᠢᠬᠦᠯᠵᠦ ᠡᠬᠢᠯᠡᠨ᠎ᠡ ᠂ᠡᠨᠡ ᠴᠠᠭ ᠪᠤᠯ ᠨᠢᠭᠡᠳᠦᠯᠳᠡᠢ ᠶᠤᠮ ᠃ ᠡᠯ᠎ᠡ ᠭᠠᠵᠠᠷ  ᠤᠨ  ᠬᠢᠨ ᠠᠵᠢᠯ  ᠤᠨ ᠳᠦᠷᠢᠮ ᠳ᠋ᠥ ᠵᠠᠰᠠᠪᠤᠷᠢ ᠤᠷᠤᠭᠤᠯᠬᠤ ᠴᠠᠭ ᠢᠶᠡᠨ ᠪᠦᠬᠦᠣᠯᠣᠰ  ᠤᠨ ᠠᠷᠠᠳ  ᠤᠨ ᠳᠦᠯᠦᠭᠡᠯᠡᠭᠴᠢᠳ  ᠤᠨ ᠶᠡᠬᠡ ᠬᠤᠷᠠᠯ  ᠤᠨ ᠪᠠᠶᠢᠩᠭᠤ  ᠶᠢᠨ ᠬᠤᠷᠢᠶᠠᠨ  ᠣ ᠠᠵᠢᠯ ᠳᠠᠢ ᠠᠪᠴᠠᠯᠲᠤᠭᠤᠯᠵᠤ ᠂ ᠵᠠᠰᠠᠪᠤᠷᠢ ᠤᠷᠤᠭᠤᠯᠤᠭᠰᠠᠨ  ᠣ ᠲᠠᠷᠠᠭᠠᠬᠢ ︽ ᠬᠦᠮᠦᠨ ᠠᠮᠠ ᠪᠤᠯᠤᠨ ᠳᠦᠯᠦᠪᠯᠡᠭᠡᠲᠤ ᠦᠷᠡᠵᠢᠯ  ᠤᠨ ᠠᠵᠢᠯ  ᠤᠨ ᠬᠠᠤᠯᠢ ︾ ᠳᠠᠢᠠᠪᠴᠠᠯᠲᠤᠭᠤᠯᠪᠠᠯ ᠪᠤᠯᠴᠢᠨ᠎ᠠ ᠃