ᠯᠢ ᠵᠢ ᠾᠧᠩ ᠱᠦᠵᠢ ᠬᠣᠷᠢᠨᠭᠡᠷ ᠰᠢᠨ᠎ᠡ ᠲᠣᠭᠣᠷᠢᠭ ᠤᠨ ᠫᠠᠶᠢᠰᠠ ᠡᠯᠭᠦᠬᠦ ᠶᠣᠰᠣᠯᠠᠯ ᠳᠡᠭᠡᠷ᠎ᠡ ᠰᠠᠶᠢᠲᠤᠷ ᠬᠢᠵᠦ ᠰᠢᠷᠭᠠᠭᠤ ᠴᠢᠷᠮᠡᠶᠢᠨ ᠰᠢᠨ᠎ᠡ ᠶᠢ ᠡᠭᠦᠳᠦᠨ ᠪᠦᠲᠦᠭᠡᠵᠦ ᠬᠣᠷᠢᠨᠭᠡᠷ ᠰᠢᠨ᠎ᠡ ᠲᠣᠭᠣᠷᠢᠭ ᠢ ᠥᠪᠦᠷ ᠮᠣᠩᠭᠤᠯ ᠤᠨ ᠥᠭᠡᠷᠴᠢᠯᠡᠯᠲᠡ ᠨᠡᠭᠡᠭᠡᠯᠲᠡ ᠶᠢᠨ ᠠᠩᠬᠠᠨ ᠤ ᠭᠠᠵᠠᠷ ᠣᠷᠣᠨ ᠪᠣᠯᠭᠠᠬᠤ ᠪᠠᠷ ᠴᠢᠬᠤᠯᠴᠢᠯᠠᠵᠠᠢ

2017-02-28 / ᠬᠦᠬᠡᠬᠣᠲᠠ



20172279546863
2 ᠰᠠᠷ᠎ᠠ ᠶᠢᠨ 24 ᠤ ᠡᠳᠦᠷ ᠦᠳᠡ ᠶᠢᠨ ᠡᠮᠦᠨ᠎ᠡ ᠂ ᠥᠪᠡᠷᠳᠡᠭᠡᠨ ᠵᠠᠰᠠᠬᠤ ᠣᠷᠣᠨ ᠤ ᠨᠠᠮ ᠤᠨ ᠡᠭᠦᠷ ᠤᠨ ᠱᠦᠵᠢ ᠂ ᠥᠪᠡᠷᠳᠡᠭᠡᠨ ᠵᠠᠰᠠᠬᠤ ᠣᠷᠣᠨ ᠤ ᠠᠷᠠᠳ ᠤᠨ ᠲᠥᠯᠦᠭᠡᠯᠡᠭᠴᠢ ᠶᠢᠨ ᠶᠡᠭᠡ ᠬᠣᠷᠠᠯ ᠤᠨ ᠪᠠᠶᠢᠩᠭᠤ ᠶᠢᠨ ᠬᠣᠷᠠᠯ ᠤᠨ ᠡᠷᠬᠢᠯᠡᠭᠴᠢ ᠯᠢ ᠵᠢ ᠾᠧᠩ ᠂ ᠥᠪᠡᠷᠳᠡᠭᠡᠨ ᠵᠠᠰᠠᠬᠤ ᠣᠷᠣᠨ ᠤ ᠨᠠᠮ ᠤᠨ ᠡᠭᠦᠷ ᠤᠨ ᠳᠡᠳ᠋ ᠱᠦᠵᠢ ᠂ ᠥᠪᠡᠷᠳᠡᠭᠡᠨ ᠵᠠᠰᠠᠬᠤ ᠣᠷᠣᠨ ᠤ ᠲᠡᠷᠢᠭᠦᠯᠡᠭᠴᠢ ᠪᠤᠤ ᠰᠢᠶᠤᠤ ᠯᠢᠨ  ᠨᠠᠷ ᠬᠠᠮᠲᠤ ᠥᠪᠦᠷ ᠮᠣᠩᠭᠤᠯ ᠤᠨ ᠬᠣᠷᠢᠨᠭᠡᠷ ᠰᠢᠨ᠎ᠡ ᠲᠣᠭᠣᠷᠢᠭ ᠤᠨ ᠠᠵᠢᠯ ᠤᠨ ᠺᠣᠮᠢᠰ ᠂ ᠥᠪᠦᠷ ᠮᠣᠩᠭᠤᠯ ᠤᠨ ᠬᠣᠷᠢᠨᠭᠡᠷ ᠰᠢᠨ᠎ᠡ ᠲᠣᠭᠣᠷᠢᠭ ᠤᠨ ᠬᠠᠮᠢᠶᠠᠷᠤᠯᠲᠠ ᠶᠢᠨ ᠺᠣᠮᠢᠰ ᠤᠨ ᠫᠡᠶᠢᠰᠡ ᠶᠢ ᠡᠯᠭᠦᠪᠡ ᠃