ᠯᠢ ᠵᠢᠢ ᠡᡁᠩ ᠱᠦᠵᠢ ᠪᠦᠬᠦ ᠣᠷᠣᠨ ᠤ ᠵᠢᠭᠤᠯᠴᠢᠯᠠᠯ ᠤᠨ ᠦᠢᠯᠡᠰ ᠤᠨ ᠬᠥᠭᠵᠢᠯᠲᠡ ᠶᠢᠨ ᠶᠡᠬᠡ ᠬᠤᠷᠠᠯ ᠳᠡᠭᠡᠷ᠎ᠡ ᠠᠵᠠ ᠳᠣᠬᠢᠶᠠᠯ ᠢ ᠠᠳᠬᠤᠵᠤ ᠰᠢᠨ᠎ᠡ ᠳᠠᠪᠰᠢᠯᠲᠠ ᠶᠢ ᠡᠷᠢᠯᠬᠢᠯᠡᠵᠦ ᠥᠪᠦᠷ ᠮᠣᠩᠭᠤᠯ ᠢ ᠤᠯᠤᠰ ᠤᠨ ᠳᠣᠲᠣᠭᠠᠳᠤ ᠭᠠᠳᠠᠭᠠᠳᠤ ᠳᠤ ᠨᠡᠷ᠎ᠡ ᠲᠡᠢ ᠵᠢᠭᠤᠯᠴᠢᠯᠠᠯ ᠤᠨ ᠣᠷᠣᠨ ᠪᠤᠯᠭᠠᠬᠤ ᠶᠢ ᠴᠢᠬᠤᠯᠴᠢᠯᠠᠵᠡᠢ

2017-02-10 / ᠬᠦᠬᠡᠬᠣᠲᠠ



1
2 ᠰᠠᠷ᠎ᠠ ᠶᠢᠨ 8 ᠤ ᠡᠳᠦᠷ ᠂ ᠥᠪᠡᠷᠳᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠱᠦᠵᠢ ᠯᠢ ᠵᠢᠢ ᠡᡁᠩ ( ᠵᠡᠭᠦᠨ ᠡᠴᠡ ᠭᠤᠷᠪᠠᠳᠤᠭᠠᠷ ) ᠂ ᠥᠪᠡᠷᠳᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠳᠡᠳ᠋ ᠱᠦᠵᠢ ᠂ ᠥᠪᠡᠷᠳᠡᠭᠡᠨ ᠵᠠᠰᠠᠬᠤ ᠣᠷᠣᠨ ᠤ ᠲᠡᠷᠢᠭᠦᠯᠡᠭᠴᠢ ᠪᠤᠤ ᠰᠢᠶ᠋ᠤᠤ ᠯᠢᠨ ( ᠪᠠᠷᠠᠭᠤᠨ ᠡᠴᠡ ᠨᠢᠭᠡᠳᠦᠭᠡᠷ ) ᠬᠦᠯᠦᠨ ᠪᠣᠶᠢᠷ ᠬᠣᠲᠠ ᠶᠢᠨ ᠬᠠᠭᠤᠴᠢᠨ ᠪᠠᠷᠭᠤ ᠬᠤᠰᠢᠭᠤᠨ ᠤ ᠬᠥᠬᠡ ᠨᠠᠭᠤᠷ ᠵᠢᠭᠤᠯᠴᠢᠯᠠᠯ ᠤᠨ ᠣᠷᠣᠨ ᠳᠤ ᠢᠷᠡᠵᠤ ᠂ ᠴᠠᠰᠤ ᠮᠦᠰᠦᠨ ᠤ ᠵᠢᠭᠤᠯᠴᠢᠯᠠᠯ ᠤᠨ ᠡᠵᠡᠩᠨᠡᠯᠲᠡ ᠶᠢᠨ ᠪᠠᠶᠢᠳᠠᠯ ᠢ ᠣᠶᠢᠯᠭᠠᠬᠤ ᠶᠢᠨ ᠬᠠᠮᠲᠤ ︽ ᠨᠠᠭᠠᠳᠤᠮ︾ ᠳᠤ ᠣᠷᠣᠯᠴᠠᠨ ᠮᠠᠯᠴᠢᠨ ᠲᠦᠮᠡᠨ ᠲᠡᠢ ᠬᠠᠮᠲᠤᠪᠠᠷ ᠭᠠᠷ ᠭᠠᠷ ᠢᠶᠡᠨ ᠬᠥᠲᠦᠯᠴᠡᠨ ᠥᠨᠳᠦᠰᠦᠲᠡᠨ ᠤ ᠪᠥᠵᠢᠭ ᠪᠥᠵᠢᠭᠯᠡᠭᠰᠡᠨ ᠪᠠᠶᠢᠨ᠎ᠠ ᠃