ᠬᠥᠬᠡᠬᠣᠲᠠ ᠵᠦᠩᠭᠠᠷ ᠣᠷᠳᠣᠰ ᠤᠨ ᠲᠡᠮᠦᠷ ᠵᠠᠮ ᠤᠨ ᠪᠠᠶᠢᠭᠤᠯᠤᠯᠲᠠ ᠶᠠᠪᠤᠭᠳᠠᠵᠤ ᠪᠣᠢ

2016-12-20 / ᠬᠦᠬᠡᠬᠣᠲᠠ


ᠬᠥᠬᠡᠬᠣᠲᠠ ᠵᠦᠩᠭᠠᠷ ᠣᠷᠳᠣᠰ ᠤᠨ ᠲᠡᠮᠦᠷ ᠵᠠᠮ ᠪᠣᠯ ᠤᠯᠤᠰ ᠤᠨ 〈ᠨᠢᠭᠡ ᠭᠡᠰᠡᠭ ᠲᠦ ᠨᠢᠭᠡ ᠵᠠᠮ〉ᠪᠠᠶᠢᠯᠳᠤᠬᠤ ᠪᠣᠳᠣᠯᠭ᠎ᠠ ᠪᠠ 〈ᠳᠤᠮᠲᠠ ᠤᠷᠲᠤ ᠬᠤᠭᠤᠴᠠᠭᠠᠨ ᠤ ᠲᠡᠮᠦᠷ ᠵᠠᠮ ᠤᠨ ᠲᠥᠯᠥᠪᠯᠡᠭᠡ〉ᠳᠡᠬᠢ ᠥᠪᠥᠷ ᠮᠣᠩᠭᠣᠯ ᠤᠨ ᠪᠠᠷᠠᠭᠤᠨ ᠭᠡᠰᠡᠭ ᠣᠷᠣᠨ ᠤ ᠴᠢᠬᠤᠯᠠ ᠵᠠᠮ ᠱᠣᠭᠣᠮ ᠪᠣᠯᠣᠨ᠎ᠠ ᠃ ᠬᠥᠬᠡᠬᠣᠲᠠ ᠪᠠ ᠣᠷᠳᠣᠰ ᠤᠨ ᠭᠠᠵᠠᠷ ᠨᠤᠲᠤᠭ ᠲᠤ ᠪᠠᠭᠲᠠᠨ ᠵᠡᠭᠦᠨ ᠲᠠᠯ᠎ᠠ ᠠᠴᠠ ᠬᠥᠬᠡᠬᠣᠲᠠ ᠶᠢᠨ ᠤᠤᠯ ᠤᠨ ᠵᠦ ᠪᠣᠣ ᠥᠷᠲᠡᠭᠡ ᠡᠴᠡ ᠡᠬᠢᠯᠡᠨ ᠲᠥᠮᠡᠳ ᠵᠡᠭᠦᠨ ᠬᠤᠰᠢᠭᠤ ᠂ ᠳᠣᠭᠲᠠᠬᠤ ᠰᠢᠶᠠᠨ ᠢ ᠲᠠᠭᠠᠷᠢᠵᠤ ᠂ ᠬᠠᠲᠤᠨ ᠭᠣᠣᠯ ᠢ ᠭᠡᠲᠦᠯᠦᠭᠡᠳ ᠂ ᠵᠦᠩᠭᠠᠷ ᠬᠤᠰᠢᠭᠤ  ᠢ ᠥᠩᠭᠡᠷᠡᠨ ᠳ᠋ᠦᠩ ᠱᠧᠩ ᠵᠡᠭᠦᠨ ᠥᠷᠲᠡᠭᠡ  ᠳᠦ ᠭᠦᠷᠴᠦ ᠪᠥᠬᠥ ᠤᠷᠲᠤ ᠨᠢ 425 ᠺᠢᠯᠤᠮᠧᠲ᠋ᠷ ᠪᠠᠶᠢᠨ᠎ᠠ᠃
2016122091352804