ᠴᠠᠬᠠᠷ ᠨᠡᠷᠡᠶᠢᠳᠤᠯ ᠤᠨ ᠢᠷᠡᠯᠲᠡ

2015-11-10 / ᠬᠦᠬᠡᠬᠣᠲᠠ


︽ ᠴᠠᠬᠠᠷ ︾ ᠭᠡᠳᠡᠭ ᠦᠭᠡ  ᠨᠢ ︽ ᠵᠠᠬ᠎ᠠ  ᠳᠤ ︾ ᠪᠤᠶᠤ ︽ ᠬᠠᠵᠠᠭᠤ  ᠳᠤ ︾ ᠭᠡᠰᠡᠨ ᠤᠳᠬ᠎ᠠ  ᠲᠠᠢ ᠮᠤᠩᠭᠤᠯ ᠦᠭᠡ ᠂ ᠤᠤᠯ  ᠨᠢ ᠮᠤᠩᠭᠤᠯ ᠬᠠᠭᠠᠨ ᠤ ᠬᠠᠵᠠᠭᠤ  ᠳᠡᠬᠢ ᠬᠡᠰᠢᠭᠲᠡᠨ ᠴᠡᠷᠢᠭ ᠪᠠ ᠶᠤᠸᠠᠨ ᠤᠯᠤᠰ ᠤᠨ ᠬᠠᠭᠠᠨ ᠤᠷᠳᠤᠨ  ᠤ ᠰᠢᠳᠡᠷ ᠬᠠᠮᠠᠭᠠᠯᠠᠭᠴᠢ ᠴᠡᠷᠢᠭ ᠢ ᠵᠢᠭᠠᠵᠤ ᠪᠠᠶᠢᠭᠰᠠᠨ ᠢᠶᠠᠨ ᠤᠮᠠᠷᠠᠳᠤ ᠶᠤᠸᠠᠨ ᠤ ᠡᠬᠢᠨ ᠦ ᠦᠶ᠎ᠡ ᠳᠦ ᠮᠤᠩᠭᠤᠯ ᠬᠠᠭᠠᠳ ᠤᠨ ᠲᠦᠪᠯᠡᠭᠰᠡᠨ ᠲᠦᠮᠡᠨ ᠦ ᠨᠡᠷ᠎ᠡ ᠪᠤᠯᠤᠨ ᠡᠳᠤᠭᠡ ᠪᠤᠯᠲᠠᠯ᠎ᠠ ᠬᠡᠷᠡᠭᠯᠡᠭᠰᠡᠭᠡᠷ ᠢᠷᠡᠪᠡ᠃ᠴᠠᠬᠠᠷ ᠪᠤᠯ ᠨᠢᠭᠡᠨ ᠭᠡᠷᠡᠯ ᠰᠠᠴᠤᠷᠠᠩᠭᠤᠢ ᠲᠡᠤᠬᠡ  ᠲᠠᠢ ᠦᠨᠢᠷ ᠪᠠᠶᠠᠯᠢᠭ ᠰᠤᠶᠤᠯ  ᠲᠠᠢ ᠮᠤᠩᠭᠤᠯ ᠠᠶᠢᠮᠠᠭ ᠪᠤᠯᠬᠤ ᠶᠤᠮ ᠃ ᠴᠠᠬᠠᠷ ᠠᠶᠢᠮᠠᠭ  ᠨᠢ ᠤᠷᠳᠤ ᠤᠳᠠᠭᠠᠨ ᠲᠡᠤᠭᠡᠨ ᠶᠠᠪᠤᠴᠠ ᠳᠦ ᠶᠡᠬᠡ ᠬᠠᠭᠠᠨ ᠤ ᠰᠢᠳᠡᠷ ᠴᠡᠷᠢᠭ ᠪᠠ ᠬᠠᠭᠠᠨ ᠲᠦᠷᠦ ᠵᠢᠨᠲᠦᠪᠯᠡᠭᠰᠡᠨ ᠲᠦᠪ ᠠᠶᠢᠮᠠᠭ ᠤᠨ ᠪᠠᠶᠢᠷᠢᠨ ᠳᠤ ᠤᠷᠤᠰᠢᠵᠤ ᠂ ᠮᠤᠩᠭᠤᠯ ᠦᠨᠳᠤᠰᠤᠳᠡᠨ ᠤ ᠪᠦ᠍ᠷᠢᠯᠳᠤᠯ ᠪᠠ ᠬᠦ᠍ᠭ᠍ᠵᠢᠯᠲᠡ ᠳᠦ ᠴᠢᠬᠤᠯᠠ ᠬᠤᠪᠢ ᠨᠠᠮᠡᠷᠢ ᠦᠵᠡᠭᠦᠯᠦᠭᠰᠡᠨ ᠶᠤᠮ ᠃ ᠮᠤᠩᠭᠤᠯ ᠤᠨ ᠴᠠᠬᠠᠷ ᠠᠶᠢᠮᠠᠭ  ᠨᠢ ᠴᠢᠩᠬᠢᠰ ᠬᠠᠭᠠᠨ ᠤ ᠬᠡᠰᠢᠭᠳᠡᠨ ᠴᠡᠷᠢᠭ ︱︱ ︽ ᠲᠦᠪ ᠳᠦᠮᠡᠨ ︾ ᠦ᠋ ᠬᠡᠯᠪᠡᠷᠢ ᠪᠡᠷ ᠪᠤᠢ ᠪᠤᠯᠤᠭᠰᠠᠨ ᠠᠴᠠ ᠨᠠᠰᠢ ᠨᠢᠭᠡᠨᠲᠡ ᠨᠠᠢᠮᠠᠨ ᠵᠠᠭᠤᠨ ᠵᠢᠯ ᠦᠨ ᠲᠡᠤᠬᠡ  ᠲᠠᠢ ᠪᠤᠯᠪᠠ ᠃ ᠡᠨᠡᠬᠦ ᠤᠷᠲᠤ ᠤᠳᠠᠭᠠᠨ ᠲᠡᠤᠬᠡᠨ ᠶᠠᠪᠤᠴᠠ ᠳᠤ ᠴᠠᠬᠠᠷ ᠠᠶᠢᠮᠠᠭ  ᠨᠢ ︽ ᠤᠳᠤᠭ ᠠᠶᠢᠮᠠᠭ ︾ ︽ ᠵᠠᠰᠠᠭ ᠬᠤᠰᠢᠭᠤ ︾ ︽ ᠠᠮᠪᠠᠨ ᠬᠤᠰᠢᠭᠤ ︾ ᠵᠡᠷᠭᠡ ᠨᠡᠶᠢᠭᠡᠮ ᠦᠨ ᠵᠤᠬᠢᠶᠠᠨ ᠪᠠᠶᠢᠭᠤᠯᠤᠯᠲᠠ ᠶᠢᠨ ᠬᠤᠪᠢᠷᠠᠯᠲᠠ ᠶᠢ ᠦᠩᠭᠡᠷᠡᠭᠡᠪᠡ ᠃