ᠪᠦᠬᠦ ᠤᠷᠤᠨ ᠤ ᠠᠵᠢᠯᠳᠠᠨ ᠠᠵᠢᠯᠴᠢᠨ ᠤ ᠬᠠᠤᠯᠢ ᠴᠠᠭᠠᠵᠠ ᠶᠢᠨ ᠮᠡᠳᠡᠯᠬᠡ ᠶᠢᠨ ᠤᠷᠤᠯᠳᠤᠭᠠᠨ ᠲᠡᠭᠦᠰᠪᠡ

2016-11-18 / ᠬᠦᠬᠡᠬᠣᠲᠠ


11 ᠰᠠᠷ᠎ᠠ ᠶᠢᠨ 16 ᠤ ᠡᠳᠦᠷ᠂ ᠦᠪᠡᠷᠳᠡᠬᠡᠨ ᠵᠠᠰᠠᠬᠤ ᠤᠷᠤᠨ ᠤ ᠠᠵᠢᠯᠴᠢᠨ ᠤ ᠶᠡᠷᠦᠩᠬᠡᠢ ᠡᠪᠯᠡᠯ ᠠᠴᠠ ᠵᠤᠬᠢᠶᠠᠨ ᠪᠠᠶᠢᠭᠤᠯᠤᠨ ᠶᠠᠪᠤᠭᠳᠠᠭᠤᠯᠤᠭᠰᠠᠨ ᠪᠦᠬᠦ ᠤᠷᠤᠨ ᠤ ᠠᠵᠢᠯᠳᠠᠨ ᠠᠵᠢᠯᠴᠢᠨ ᠤ ᠬᠠᠤᠯᠢ ᠴᠠᠭᠠᠵᠠ ᠶᠢᠨ ᠮᠡᠳᠡᠯᠬᠡ ᠶᠢᠨ ᠤᠷᠤᠯᠳᠤᠭᠠᠨ ᠤ ᠰᠢᠢᠳᠪᠤᠷᠢᠳᠦ ᠤᠷᠤᠯᠳᠤᠭᠠᠨ ᠬᠦᠬᠡᠬᠤᠳᠠ ᠳᠤ ᠶᠠᠪᠤᠭᠳᠠᠪᠠ᠃ ᠦᠪᠡᠷᠳᠡᠬᠡᠨ ᠵᠠᠰᠠᠬᠤ ᠤᠷᠤᠨ ᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ᠂ ᠠᠵᠢᠯᠴᠢᠨ ᠤ ᠶᠡᠷᠦᠩᠬᠡᠢ ᠡᠪᠯᠡᠯ ᠤᠨ ᠳᠡᠷᠢᠬᠦᠯᠡᠭᠴᠢ ᠬᠠᠩ ᠬᠦᠢ ᠯᠢᠨ ᠤᠷᠤᠯᠳᠤᠭᠠᠨ ᠢ ᠰᠤᠨᠢᠷᠬᠠᠭᠰᠠᠨ ᠤ ᠬᠠᠮᠳᠤ ᠱᠠᠩᠨᠠᠯ ᠬᠦᠷᠳᠡᠭᠰᠡᠳ ᠲᠤ ᠱᠠᠩᠨᠠᠯ ᠭᠠᠷᠳᠠᠭᠤᠯᠪᠠ᠃ ᠪᠦᠬᠦ ᠤᠷᠤᠨ ᠤ ᠠᠵᠢᠯᠳᠠᠨ ᠠᠵᠢᠯᠴᠢᠨ ᠤ ᠬᠠᠤᠯᠢ ᠴᠠᠭᠠᠵᠠ ᠶᠢᠨ ᠮᠡᠳᠡᠯᠬᠡ ᠶᠢᠨ ᠤᠷᠤᠯᠳᠤᠭᠠᠨ ᠨᠢ ᠪᠡᠯᠡᠳᠬᠡᠯ ᠤᠷᠤᠯᠳᠤᠭᠠᠨ ᠪᠡ ᠰᠢᠢᠳᠪᠤᠷᠢᠳᠦ ᠤᠷᠤᠯᠳᠤᠭᠠᠨ ᠬᠡᠬᠦ ᠬᠤᠶᠠᠷ ᠭᠤᠭᠴᠤᠭ᠎ᠠ ᠪᠠᠷ ᠶᠠᠪᠤᠭᠳᠠᠵᠦ᠂ ᠤᠷᠤᠯᠳᠤᠭᠠᠨ ᠳᠤ ᠤᠷᠤᠯᠴᠠᠭᠰᠠᠳ ᠲᠤ ᠪᠢᠷ ᠤᠨ ᠰᠢᠯᠭᠠᠯᠳᠠ ᠶᠢᠨ ᠰᠡᠳᠦᠪ ᠢ ᠬᠠᠷᠢᠭᠤᠯᠬᠤ ᠪᠠ ᠳᠤᠬᠠᠢ ᠶᠢᠨ ᠳᠠᠯᠠᠪᠤᠷ ᠤᠨ ᠰᠢᠯᠭᠠᠯᠳᠠ ᠶᠢᠨ ᠰᠡᠳᠦᠪ ᠢ ᠬᠠᠷᠢᠭᠤᠯᠬᠤ ᠱᠠᠭᠠᠷᠳᠠᠯᠭ᠎ᠠ ᠭᠠᠷᠭᠠᠵᠠᠢ᠃ ᠪᠦᠬᠦ ᠤᠷᠤᠨ ᠤ 12 ᠠᠶᠢᠮᠠᠬ ᠬᠤᠳᠠ ᠠᠴᠠ ᠰᠢᠯᠭᠠᠷᠠᠭᠤᠯᠤᠭᠰᠠᠨ 16 ᠳᠦᠯᠦᠬᠡᠯᠡᠭᠴᠢ ᠶᠢᠨ ᠠᠩᠬᠢ ᠤᠷᠤᠯᠳᠤᠭᠠᠨ ᠳᠤ ᠤᠷᠤᠯᠴᠠᠪᠠ᠃ ᠪᠠᠴᠢᠮ ᠰᠢᠷᠦᠬᠦᠨ ᠪᠡᠯᠡᠳᠬᠡᠯ ᠤᠷᠤᠯᠳᠤᠭᠠᠨ ᠢᠶᠠᠷ ᠳᠠᠮᠵᠢᠨ᠂ ᠬᠦᠬᠡᠬᠤᠳᠠ᠂ ᠪᠤᠭᠤᠳᠤ ᠬᠤᠳᠠ᠂ ᠤᠷᠳᠤᠰ ᠬᠤᠳᠠ᠂ ᠬᠢᠩᠭᠠᠨ ᠠᠶᠢᠮᠠᠬ᠂ ᠦᠪᠦᠷ ᠮᠤᠩᠭᠤᠯ ᠤᠨ ᠡᠨᠧᠷᠬᠢ ᠬᠢᠮᠢ ᠭᠠᠵᠠᠷ ᠰᠢᠨᠵᠢᠯᠡᠬᠡᠨ ᠤ ᠠᠵᠢᠯᠴᠢᠨ ᠤ ᠡᠪᠯᠡᠯ᠂ ᠬᠦᠬᠡᠬᠤᠳᠠ ᠶᠢᠨ ᠳᠡᠮᠤᠷ ᠵᠠᠮ ᠤᠨ ᠳᠤᠪᠴᠢᠶ᠎ᠠ ᠵᠡᠷᠬᠡ 6 ᠳᠦᠯᠦᠬᠡᠯᠡᠭᠴᠢ ᠶᠢᠨ ᠠᠩᠬᠢ ᠰᠢᠢᠳᠪᠤᠷᠢᠳᠦ ᠤᠷᠤᠯᠳᠤᠭᠠᠨ ᠳᠤ ᠤᠷᠤᠬᠤ ᠡᠷᠬᠡ ᠶᠢ ᠤᠯᠵᠦ᠂ ᠡᠴᠤᠰ ᠲᠤ ᠬᠦᠬᠡᠬᠤᠳᠠ ᠶᠢᠨ ᠳᠡᠮᠤᠷ ᠵᠠᠮ ᠤᠨ ᠳᠤᠪᠴᠢᠶ᠎ᠠ ᠨᠢᠬᠡᠳᠦᠬᠡᠷ ᠳᠡᠰ ᠲᠤ ᠳᠤᠳᠤᠷᠠᠪᠠ᠃ ᠤᠢᠢᠯᠠᠭᠠᠭᠰᠠᠨ ᠢᠶᠠᠷ᠂ ᠡᠨᠡ ᠵᠢᠯ ᠤᠨ 3 ᠰᠠᠷ᠎ᠠ ᠠᠴᠠ ᠡᠬᠢᠯᠡᠨ᠂ ᠦᠪᠡᠷᠳᠡᠬᠡᠨ ᠵᠠᠰᠠᠬᠤ ᠤᠷᠤᠨ ᠤ ᠠᠵᠢᠯᠴᠢᠨ ᠤ ᠶᠡᠷᠦᠩᠬᠡᠢ ᠡᠪᠯᠡᠯ ᠪᠦᠬᠦ ᠤᠷᠤᠨ ᠳᠤ ︽ᠳᠤᠮᠳᠠᠳᠤ ᠶᠢᠨ ᠵᠡᠬᠦᠳᠦ · ᠬᠦᠳᠡᠯᠮᠤᠷᠢ ᠰᠠᠶᠢᠬᠠᠨ︾ ᠬᠡᠬᠦ ᠠᠵᠢᠯᠳᠠᠨ ᠠᠵᠢᠯᠴᠢᠨ ᠤ ᠬᠠᠤᠯᠢ ᠴᠠᠭᠠᠵᠠ ᠶᠢᠨ ᠮᠡᠳᠡᠯᠬᠡ ᠶᠢᠨ ᠤᠷᠤᠯᠳᠤᠭᠠᠨ ᠢ ᠦᠷᠨᠢᠬᠦᠯᠵᠡᠢ᠃ ᠤᠷᠤᠯᠳᠤᠭᠠᠨ ᠢ ᠦᠷᠨᠢᠬᠦᠯᠦᠭᠰᠡᠨ ᠠᠴᠠ ᠨᠠᠰᠢ᠂ ᠡᠯ᠎ᠠ ᠭᠠᠵᠠᠷ ᠤᠨ ᠠᠵᠢᠯᠴᠢᠨ ᠤ ᠡᠪᠯᠡᠯ ᠨᠢ ᠠᠵᠢᠯᠳᠠᠨ ᠠᠵᠢᠯᠴᠢᠨ ᠢ ᠢᠳᠡᠪᠬᠢᠳᠡᠢ ᠵᠤᠬᠢᠶᠠᠨ ᠪᠠᠶᠢᠭᠤᠯᠤᠨ ᠤᠷᠤᠯᠳᠤᠭᠠᠨ ᠳᠤ ᠤᠷᠤᠯᠴᠠᠭᠤᠯᠤᠭᠰᠠᠨ ᠢᠶᠠᠷ᠂ ᠪᠦᠬᠦ ᠤᠷᠤᠨ ᠤ ᠦᠷᠬᠡᠨ ᠤᠯᠠᠨ ᠠᠵᠢᠯᠳᠠᠨ ᠠᠵᠢᠯᠴᠢᠨ ᠤ ᠳᠤᠮᠳᠠ ᠬᠠᠤᠯᠢ ᠴᠠᠭᠠᠵᠠ ᠶᠢ ᠰᠤᠷᠴᠦ ᠬᠡᠷᠡᠭᠯᠡᠬᠦ ᠬᠠᠯᠠᠭᠤᠨ ᠦᠷᠨᠢᠯᠳᠡ ᠭᠠᠷᠪᠠ᠃ ᠳᠤᠰ ᠤᠳᠠᠭ᠎ᠠ ᠶᠢᠨ ᠤᠷᠤᠯᠳᠤᠭᠠᠨ ᠨᠢ ᠠᠵᠢᠯᠳᠠᠨ ᠠᠵᠢᠯᠴᠢᠨ ᠤ ᠬᠠᠤᠯᠢᠵᠢᠯ ᠤᠨ ᠤᠬᠠᠮᠰᠠᠷ ᠪᠤᠯᠤᠨ ᠬᠠᠤᠯᠢᠵᠢᠯ ᠤᠨ ᠪᠤᠯᠪᠠᠰᠤᠷᠠᠯ ᠢ ᠴᠢᠨᠠᠭᠰᠢᠳᠠ ᠳᠡᠬᠡᠭᠰᠢᠯᠡᠬᠦᠯᠵᠦ᠂ ᠦᠷᠬᠡᠨ ᠤᠯᠠᠨ ᠠᠵᠢᠯᠳᠠᠨ ᠠᠵᠢᠯᠴᠢᠨ ᠤ ᠬᠠᠤᠯᠢ ᠴᠠᠭᠠᠵᠠ ᠶᠢ ᠬᠦᠨᠳᠦᠳᠬᠡᠬᠦ᠂ ᠬᠠᠤᠯᠢ ᠴᠠᠭᠠᠵᠠ ᠶᠢ ᠰᠤᠷᠬᠤ᠂ ᠬᠠᠤᠯᠢ ᠴᠠᠭᠠᠵᠠ ᠶᠢ ᠰᠠᠬᠢᠬᠤ᠂ ᠬᠠᠤᠯᠢ ᠴᠠᠭᠠᠵᠠ ᠶᠢ ᠬᠡᠷᠡᠭᠯᠡᠬᠦ ᠬᠠᠯᠠᠭᠤᠨ ᠵᠤᠷᠢᠬ ᠢ ᠬᠦᠭᠵᠢᠬᠡᠵᠦ᠂ ᠦᠪᠡᠷᠳᠡᠬᠡᠨ ᠵᠠᠰᠠᠬᠤ ᠤᠷᠤᠨ ᠤ ︽ ᠳᠤᠯᠤᠳᠤᠭᠠᠷ ᠳᠠᠪᠤᠨ ᠵᠢᠯ︾ ᠤᠨ ᠬᠠᠤᠯᠢ ᠴᠠᠭᠠᠵᠠ ᠳᠦᠬᠡᠮᠠᠯᠵᠢᠬᠦᠯᠬᠦ ᠠᠵᠢᠯᠯᠠᠭ᠎ᠠ ᠳᠤ ᠰᠠᠶᠢᠨ ᠰᠠᠶᠢᠬᠠᠨ ᠰᠠᠭᠤᠷᠢ ᠳᠠᠯᠪᠢᠵᠦ᠂ ᠬᠠᠤᠯᠢ ᠪᠠᠷ ᠤᠷᠤᠨ ᠢᠶᠠᠨ ᠵᠠᠰᠠᠬᠤ ᠳᠤ ᠢᠳᠡᠪᠬᠢ ᠦᠢᠯᠡᠳᠦᠯ ᠦᠵᠡᠬᠦᠯᠵᠡᠢ᠃