ᠮᠤᠩᠭᠤᠯᠴᠤᠳ ᠳᠡᠦᠭᠡᠨ ᠳᠡᠭᠡᠷ᠎ᠡ ᠬᠡᠳᠦᠨ ᠵᠤᠶᠢᠯ  ᠤᠨ ᠦᠰᠦᠭ ᠪᠢᠴᠢᠭ ᠬᠡᠷᠡᠭᠯᠡᠵᠦ ᠦᠩᠭᠡᠷᠡᠭᠰᠡᠨ ᠪᠤᠢ

2016-10-14 / ᠬᠠᠪᠤᠷ


ᠬᠡᠯᠡ ᠪᠤᠯ ᠬᠦᠮᠦᠨ ᠲᠦᠷᠦᠯᠬᠢᠳᠡᠨ  ᠤ ᠪᠤᠳᠤᠯ ᠰᠠᠨᠠᠯ  ᠢᠶᠠᠨ ᠰᠤᠯᠢᠯᠴᠠᠬᠤ ᠬᠠᠮᠤᠭ  ᠤᠨ ᠴᠢᠬᠤᠯᠠ ᠬᠠᠷᠢᠯᠴᠠᠭᠠᠨ  ᠤ ᠪᠠᠭᠠᠵᠢ ᠪᠤᠯᠤᠨ᠎ᠠ ᠃ ᠬᠡᠯᠡ ᠳᠡᠢ ᠪᠤᠯᠤᠭᠰᠠᠨ ᠳᠡᠷᠡ ᠴᠠᠭ  ᠠᠴᠠ ᠬᠦᠮᠦᠨ ᠲᠦᠷᠦᠯᠬᠢᠳᠡᠨ ᠠᠳᠤᠭᠤᠰᠤ ᠠᠮᠢᠳᠠᠨ  ᠠᠴᠠ ᠢᠯᠭᠠᠷᠠᠨ ᠤᠷᠳᠤ ᠤᠳᠠᠭᠠᠨ ᠳᠡᠦᠭᠡᠨ ᠶᠠᠪᠤᠴᠠ  ᠳᠤ ᠳᠡᠭᠡᠳᠦ ᠬᠡᠮᠵᠢᠶ᠎ᠡ  ᠪᠡᠷ ᠬᠦᠭᠵᠢᠭᠰᠡᠨ ᠤᠶᠤᠨ ᠮᠡᠳᠡᠷᠡᠯ  ᠢ ᠪᠤᠢ ᠪᠤᠯᠭᠠᠵᠠᠢ ᠃ ᠨᠡᠶᠢᠭᠡᠮ ᠳᠡᠦᠭᠡ  ᠶᠢᠨ ᠬᠦᠭᠵᠢᠯᠳᠡ  ᠶᠢᠨ ᠶᠠᠪᠤᠴᠠ  ᠳᠤ ᠬᠡᠯᠡ  ᠶᠢ ᠳᠡᠮᠳᠡᠭᠯᠡᠬᠦ ᠳᠡᠮᠳᠡᠭ ︱ ᠦᠰᠦᠭ ᠪᠢᠴᠢᠭ ᠪᠤᠢ ᠪᠤᠯᠵᠠᠢ ᠃ ᠬᠦᠮᠦᠨ ᠲᠦᠷᠦᠯᠬᠢᠳᠡᠨ  ᠨᠢ ᠦᠰᠦᠭ ᠪᠢᠴᠢᠭ ᠳᠡᠢ ᠪᠤᠯᠤᠭᠰᠠᠨ  ᠠᠴᠠ ᠬᠤᠶᠢᠰᠢᠬᠢ ᠬᠡᠳᠦᠨ ᠮᠢᠩᠭᠠᠨ ᠵᠢᠯ  ᠤᠨ ᠳᠤᠳᠤᠷ᠎ᠠ ᠤᠯᠠᠨ ᠦᠰᠦᠭ ᠪᠢᠴᠢᠭ  ᠢ ᠡᠬᠦᠳᠦᠨ ᠪᠦᠳᠦᠭᠡᠭᠰᠡᠨ ᠶᠤᠮ ᠃ ᠵᠢᠷᠤᠭᠳᠤ ᠦᠰᠦᠭ ︵ ᠳᠡᠯᠡᠭᠡᠢ ᠳᠡᠭᠡᠷ᠎ᠡ ᠬᠠᠮᠤᠭ  ᠤᠨ ᠡᠷᠳᠡ ᠪᠤᠯᠤᠭᠰᠠᠨ ᠬᠢᠳᠡᠳ ᠦᠰᠦᠭ ᠪᠤᠯᠤᠨ ᠶᠸᠵᠢᠫᠲ ᠦᠰᠦᠭ ᠪᠤᠯ ᠵᠢᠷᠤᠭᠳᠤ ᠦᠰᠦᠭ  ᠠᠴᠠ ᠪᠤᠢ ᠪᠤᠯᠵᠠᠢ ︶ ᠂ ᠤᠳᠬᠠᠳᠤ ᠦᠰᠦᠭ ︵ ᠳᠤᠭᠳᠠᠭᠰᠠᠨ ᠨᠢᠭᠡ ᠵᠢᠷᠤᠭ ᠲᠦᠷᠰᠦ ᠪᠤᠶᠤ ᠳᠡᠮᠳᠡᠭ  ᠢᠶᠠᠷ ᠳᠤᠭᠳᠠᠭᠰᠠᠨ ᠨᠢᠭᠡ ᠤᠳᠬ᠎ᠠ  ᠶᠢ ᠢᠯᠡᠳᠭᠡᠳᠡᠭ ᠂ ᠡᠷᠳᠡᠨ  ᠤ ᠶᠸᠵᠢᠫᠲ ᠦᠰᠦᠭ ᠂ ᠪᠠᠪᠢᠯᠤᠨ  ᠤ ᠱᠠᠭᠠᠴᠠᠭᠳᠤ ᠦᠰᠦᠭ ᠪᠦᠷ ᠤᠳᠬᠠᠳᠤ ᠦᠰᠦᠭ  ᠤᠨ ᠱᠠᠳᠤ  ᠶᠢ ᠳᠠᠮᠵᠢᠪᠠ ᠂ ᠬᠢᠳᠡᠳ ᠦᠰᠦᠭ ᠪᠤᠯ ᠤᠳᠬᠠᠳᠤ ᠦᠰᠦᠭ ᠶᠤᠮ ︶ ᠂ ᠠᠪᠢᠶᠠᠳᠤ ᠦᠰᠦᠭ ︵ ᠳᠤᠭᠳᠠᠭᠰᠠᠨ ᠴᠦᠭᠡᠨ ᠳᠤᠭᠠᠨ  ᠤ ᠦᠰᠦᠭ  ᠤᠨ ᠳᠡᠮᠳᠡᠭ  ᠢᠶᠠᠷ ᠬᠡᠯᠡᠨ  ᠤ ᠠᠪᠢᠶᠠᠨ  ᠤ ᠨᠢᠭᠡᠴᠢ  ᠶᠢ ᠢᠯᠡᠳᠭᠡᠵᠦ ᠂ ᠮᠠᠰᠢ ᠪᠠᠶᠠᠯᠢᠭ ᠪᠦᠭᠡᠳ ᠨᠠᠷᠢᠨ ᠪᠤᠳᠤᠯᠢᠶᠠᠨᠳᠠᠢ ᠬᠡᠯᠡ  ᠶᠢ ᠳᠡᠮᠳᠡᠭᠯᠡᠳᠡᠭ ᠂ ᠰᠤᠷᠬᠤ  ᠳᠤ ᠬᠢᠯᠪᠠᠷ ᠂ ᠡᠵᠡᠮᠰᠢᠬᠦ  ᠳᠤ ᠠᠮᠠᠷᠬᠠᠨ ᠂ ᠬᠠᠮᠤᠭ  ᠤᠨ ᠰᠢᠨᠵᠢᠯᠡᠬᠦ ᠤᠬᠠᠭᠠᠨᠴᠢ ᠦᠰᠦᠭ ᠪᠢᠴᠢᠭ ᠪᠤᠯᠤᠨ᠎ᠠ ︶ ᠭᠡᠬᠦ ᠭᠤᠷᠪᠠᠨ ᠱᠠᠳᠤ  ᠶᠢ ᠦᠩᠭᠡᠷᠡᠵᠡᠢ ᠃ ᠤᠨ ᠳᠤᠭᠠᠯᠠᠯ  ᠠᠴᠠ ᠡᠮᠦᠨᠡᠬᠢ ᠵᠢᠷᠭᠤᠭᠠᠨ ᠮᠢᠩᠭᠠᠨ ᠵᠢᠯ  ᠤᠨ ᠡᠮᠦᠨ᠎ᠡ ᠠᠹᠷᠢᠺᠠ ᠲᠢᠪ  ᠤᠨ ᠶᠸᠵᠢᠫᠲ ᠤᠯᠤᠰ  ᠲᠤ ᠪᠤᠭᠳᠠᠰ  ᠤᠨ ᠰᠡᠶᠢᠯᠪᠤᠷᠢ ᠦᠰᠦᠭ ᠬᠡᠮᠡᠨ ᠬᠦᠨᠳᠦᠳᠭᠡᠨ ᠨᠡᠷᠡᠯᠡᠭᠳᠡᠵᠦ ᠪᠠᠶᠢᠭᠰᠠᠨ ᠮᠢᠰᠢᠷ ᠦᠰᠦᠭ ᠪᠤᠢ ᠪᠤᠯᠪᠠ ᠃ ᠤᠨ ᠳᠤᠭᠠᠯᠠᠯ  ᠠᠴᠠ ᠡᠮᠦᠨᠡᠬᠢ ᠲᠦᠷᠪᠡᠨ ᠮᠢᠩᠭᠠᠨ ᠵᠢᠯ  ᠤᠨ ᠡᠮᠦᠨ᠎ᠡ ᠮᠢᠰᠢᠷ ᠦᠰᠦᠭ  ᠠᠴᠠ ᠰᠸᠮᠢᠲ ᠦᠰᠦᠭ ᠪᠤᠢ ᠪᠤᠯᠵᠦ ᠂ ᠤᠨ ᠳᠤᠭᠠᠯᠠᠯ  ᠠᠴᠠ ᠡᠮᠦᠨᠡᠬᠢ ᠬᠤᠶᠠᠷ ᠮᠢᠩᠭᠠᠨ ᠵᠢᠯ  ᠤᠨ ᠡᠮᠦᠨ᠎ᠡ ᠰᠸᠮᠢᠲ ᠦᠰᠦᠭ  ᠤᠨ ᠰᠠᠭᠤᠷᠢᠨ ᠳᠡᠭᠡᠷ᠎ᠡ ᠹᠢᠨᠢᠬᠢ ᠴᠠᠭᠠᠨ ᠳᠤᠯᠤᠭᠠᠢ ᠡᠬᠦᠰᠴᠠᠢ ᠃ ᠹᠢᠨᠢᠬᠢ ᠴᠠᠭᠠᠨ ᠳᠤᠯᠤᠭᠠᠢ  ᠨᠢ ᠳᠡᠯᠡᠭᠡᠢ ᠳ᠋ᠠᠬᠢᠨ  ᠤ ᠬᠠᠮᠤᠭ  ᠤᠨ ᠠᠩᠬᠠᠨ  ᠤ ᠴᠠᠭᠠᠨ ᠳᠤᠯᠤᠭᠠᠢ ᠭᠡᠵᠡᠭᠡᠳᠡᠭ ᠪᠦᠭᠡᠳ ᠤᠳᠤ  ᠶᠢᠨ ᠳᠡᠯᠡᠭᠡᠢ ᠳᠡᠭᠡᠷ᠎ᠡ ᠦᠷᠭᠡᠨ ᠬᠡᠷᠡᠭᠯᠡᠭᠳᠡᠵᠦ ᠪᠠᠶᠢᠭ᠎ᠠ ᠴᠠᠭᠠᠨ ᠳᠤᠯᠤᠭᠠᠢ  ᠨᠤᠭᠤᠳ ᠪᠤᠯ ᠪᠠᠷᠤᠭ ᠴᠦᠮ ᠹᠢᠨᠢᠬᠢ ᠴᠠᠭᠠᠨ ᠳᠤᠯᠤᠭᠠᠢ  ᠠᠴᠠ ᠤᠯᠠᠷᠢᠨ ᠪᠦᠷᠢᠯᠳᠤᠵᠠᠢ ᠃ ᠹᠢᠨᠢᠬᠢ ᠴᠠᠭᠠᠨ ᠳᠤᠯᠤᠭᠠᠢ  ᠨᠢ ᠡᠮᠦᠨᠡᠳᠦ ᠰᠸᠮᠢᠲ ᠦᠰᠦᠭ ᠂ ᠠᠷᠠᠮ ᠦᠰᠦᠭ ᠂ ᠭᠷᠸᠢᠭ ᠦᠰᠦᠭ ᠬᠡᠮᠡᠬᠦ ᠭᠤᠷᠪᠠᠨ ᠰᠠᠯᠠᠭ᠎ᠠ ᠪᠤᠯᠵᠦ ᠬᠦᠭᠵᠢᠪᠡ ᠃ ᠡᠮᠦᠨᠡᠳᠦ ᠰᠸᠮᠢᠲ ᠦᠰᠦᠭ  ᠠᠴᠠ ᠡᠨᠡᠳᠭᠡᠭ ᠦᠰᠦᠭ ᠂ ᠳᠦᠪᠡᠳ ᠦᠰᠦᠭ ᠡᠬᠦᠰᠴᠦ ᠂ ᠲᠦᠪᠡᠳ ᠦᠰᠦᠭ  ᠠᠴᠠ ᠲᠦᠷᠪᠡᠯᠵᠢᠨ ᠦᠰᠦᠭ ᠡᠬᠦᠰᠪᠡ ᠃ ᠳᠤᠮᠳᠠᠳᠤ ᠰᠠᠯᠠᠭ᠎ᠠ ᠪᠤᠯᠬᠤ ᠠᠷᠠᠮ ᠦᠰᠦᠭ  ᠠᠴᠠ ᠰᠢᠷᠢ ᠦᠰᠦᠭ ᠂ ᠨᠸᠰᠲ᠋ᠤᠷ ᠦᠰᠦᠭ ᠪᠤᠢ ᠪᠤᠯᠵᠦ ᠂ ᠵᠢᠷᠭᠤᠭ᠎ᠠ ᠳᠤᠯᠤᠳᠤᠭᠠᠷ ᠵᠠᠭᠤᠨ  ᠤ ᠦᠶ᠎ᠡ  ᠳᠤ ᠰᠤᠭᠳᠠ ᠦᠰᠦᠭ ᠡᠬᠦᠰᠴᠦ ᠂ ᠰᠤᠭᠳᠠ ᠦᠰᠦᠭ  ᠠᠴᠠ ᠡᠷᠳᠡᠨ  ᠤ ᠤᠶᠢᠭᠤᠷ ᠦᠰᠦᠭ ᠡᠬᠦᠰᠦᠨ ᠂ ᠤᠶᠢᠭᠤᠷ ᠦᠰᠦᠭ  ᠤᠨ ᠰᠠᠭᠤᠷᠢᠨ ᠳᠡᠭᠡᠷ᠎ᠡ ᠤᠶᠢᠭᠤᠷᠵᠢᠨ ᠮᠤᠩᠭᠤᠯ ᠦᠰᠦᠭ ᠡᠬᠦᠰᠴᠦ ᠂ ᠤᠶᠢᠭᠤᠷᠵᠢᠨ ᠮᠤᠩᠭᠤᠯ ᠦᠰᠦᠭ  ᠠᠴᠠ ᠳᠤᠳᠤ ᠦᠰᠦᠭ ᠂ ᠮᠠᠨᠵᠦ ᠦᠰᠦᠭ ᠡᠬᠦᠰᠪᠡ ᠃ ᠤᠮᠠᠷᠠᠳᠤ ᠰᠠᠯᠠᠭ᠎ᠠ ᠪᠤᠯᠬᠤ ᠭᠷᠸᠢᠭ ᠦᠰᠦᠭ  ᠠᠴᠠ ᠯᠠᠲ᠋ᠢᠨ ᠦᠰᠦᠭ  ᠤᠨ ᠴᠠᠭᠠᠨ ᠳᠤᠯᠤᠭᠠᠢ ᠡᠬᠦᠰᠴᠦ ᠪᠠᠷᠠᠭᠤᠨ ᠡᠸᠦᠷᠦᠫᠠ ᠂ ᠠᠮᠸᠷᠢᠺᠠ ᠲᠢᠪ ᠂ ᠠᠹᠷᠢᠺᠠ ᠲᠢᠪ  ᠤᠨ ᠤᠯᠠᠩᠬᠢ ᠦᠨᠳᠦᠰᠦᠳᠡᠨ  ᠤ ᠦᠰᠦᠭ ᠪᠢᠴᠢᠭ ᠪᠤᠯᠪᠠ ᠃ ᠶᠢᠰᠦᠳᠦᠭᠡᠷ ᠵᠠᠭᠤᠨ  ᠳᠤ ᠭᠷᠸᠢᠭ ᠦᠰᠦᠭ  ᠠᠴᠠ ᠰᠠᠯᠸ ᠦᠰᠦᠭ  ᠤᠨ ᠴᠠᠭᠠᠨ ᠳᠤᠯᠤᠭᠠᠢ ᠡᠬᠦᠰᠴᠦ ᠂ ᠡᠬᠦᠨ  ᠠᠴᠠ ᠰᠢᠨ᠎ᠡ ᠮᠤᠩᠭᠤᠯ ᠦᠰᠦᠭ ᠪᠤᠢ ᠪᠤᠯᠪᠠ ᠃ ᠮᠤᠩᠭᠤᠯᠴᠤᠳ ᠦᠰᠦᠭ ᠪᠢᠴᠢᠭ ᠳᠡᠢ ᠪᠤᠯᠤᠭᠰᠠᠨ  ᠠᠴᠠ ᠨᠠᠭᠠᠰᠢ ᠮᠢᠩᠭᠠᠭᠠᠳ ᠵᠢᠯ  ᠤᠨ ᠳᠤᠷᠰᠢᠳᠡ ᠂ ᠤᠨᠴᠠᠭᠠᠶᠢᠯᠠᠨ ᠠᠷᠪᠠᠨ ᠭᠤᠷᠪᠠᠳᠤᠭᠠᠷ ᠵᠠᠭᠤᠨ  ᠤ ᠡᠬᠢᠨ  ᠳᠤ ᠮᠤᠩᠭᠤᠯ ᠬᠠᠭᠠᠨᠳᠤ ᠤᠯᠤᠰ  ᠤᠨ ᠬᠡᠷᠡᠭᠴᠡᠭᠡᠨ  ᠳᠤ ᠤᠶᠢᠭᠤᠷᠵᠢᠨ ᠮᠤᠩᠭᠤᠯ ᠦᠰᠦᠭ  ᠢ ᠳᠦᠭᠡᠮᠡᠯᠵᠢᠬᠦᠯᠦᠨ ᠬᠡᠷᠡᠭᠯᠡᠭᠰᠡᠨ  ᠠᠴᠠ ᠨᠠᠰᠢ ᠠᠳᠠᠯᠢ ᠪᠤᠰᠤ ᠴᠠᠭ ᠦᠶ᠎ᠡ  ᠳᠤ ᠠᠳᠠᠯᠢ ᠪᠤᠰᠤ ᠬᠡᠷᠡᠭᠴᠡᠭᠡᠨ  ᠳᠡᠭᠡᠨ ᠳᠤᠬᠢᠷᠠᠭᠤᠯᠤᠨ ᠦᠪᠡᠷ  ᠤᠨ ᠦᠰᠦᠭ ᠪᠢᠴᠢᠭ  ᠢᠶᠠᠨ ᠤᠯᠠᠨ ᠤᠳᠠᠭ᠎ᠠ ᠬᠠᠯᠠᠨ ᠰᠠᠶᠢᠵᠢᠷᠠᠭᠤᠯᠬᠤ ᠪᠠ ᠰᠤᠯᠢᠵᠦ ᠦᠭᠡᠷᠡᠴᠢᠯᠡᠬᠦ ᠤᠷᠤᠯᠳᠤᠯᠭ᠎ᠠ ᠬᠢᠭᠰᠡᠭᠡᠷ ᠢᠷᠡᠭᠰᠡᠨ ᠶᠤᠮ ᠃ ᠡᠨᠡ ᠬᠦ ᠪᠦᠬᠦᠢ ᠯᠡ ᠦᠰᠦᠭ ᠪᠢᠴᠢᠭ  ᠤᠨ ᠳᠡᠦᠭᠡ  ᠶᠢ ᠰᠦᠪᠡᠭᠴᠢᠯᠡᠨ ᠰᠢᠨᠵᠢᠯᠡᠪᠡᠯ ᠭᠤᠤᠯᠳᠠᠭᠤ ᠬᠤᠶᠠᠷ ᠵᠤᠶᠢᠯ  ᠤᠨ ᠱᠤᠭᠤᠮ  ᠢᠶᠠᠷ ᠶᠠᠪᠤᠭᠳᠠᠵᠠᠢ ᠃ ᠨᠢᠭᠡ  ᠨᠢ ᠤᠶᠢᠭᠤᠷᠵᠢᠨ ᠮᠤᠩᠭᠤᠯ ᠦᠰᠦᠭ  ᠢ ᠬᠠᠯᠠᠨ ᠰᠠᠶᠢᠵᠢᠷᠠᠭᠤᠯᠬᠤ ᠤᠷᠤᠯᠳᠤᠯᠭ᠎ᠠ ︵ ᠠᠯᠢ ᠭᠠᠯᠢ ᠦᠰᠦᠭ ᠂ ᠳᠤᠳᠤ ᠦᠰᠦᠭ ᠂ ᠸᠠᠬᠢᠨᠳᠠᠷ᠎ᠠ ᠦᠰᠦᠭ ︶ ᠂ ᠨᠦᠬᠦᠭᠡ  ᠨᠢ ᠡᠨᠡᠳᠭᠡᠭ ᠳᠦᠪᠡᠳᠦᠰᠦᠭ ᠪᠤᠶᠤ ᠪᠤᠰᠤᠳ ᠬᠠᠷᠢ ᠦᠨᠳᠦᠰᠦᠳᠡᠨ  ᠤ ᠦᠰᠦᠭ ᠪᠢᠴᠢᠭ  ᠢ ᠦᠨᠳᠦᠰᠦᠯᠡᠨ ᠰᠢᠨ᠎ᠡ ᠦᠰᠦᠭ ᠵᠤᠬᠢᠶᠠᠵᠦ ᠤᠶᠢᠭᠤᠷᠵᠢᠨ ᠮᠤᠩᠭᠤᠯ ᠦᠰᠦᠭ  ᠢ ᠤᠷᠤᠯᠠᠭᠤᠯᠵᠦ ᠦᠭᠡᠷᠡᠴᠢᠯᠡᠬᠦ ᠤᠷᠤᠯᠳᠤᠯᠭ᠎ᠠ ︵ ᠲᠦᠷᠪᠡᠯᠵᠢᠨ ᠦᠰᠦᠭ ᠂ ᠰᠤᠶᠤᠩᠪᠤ ᠦᠰᠦᠭ ᠂ ᠺᠢᠷᠢᠯ ᠦᠰᠦᠭ ︶ ᠪᠤᠯᠤᠨ᠎ᠠ ᠃ 【ᠤᠶᠢᠭᠤᠷᠵᠢᠨ ᠮᠤᠩᠭᠤᠯ ᠪᠢᠴᠢᠭ】 ᠤᠶᠢᠭᠤᠷᠵᠢᠨ ᠮᠤᠩᠭᠤᠯ ᠦᠰᠦᠭ ᠪᠤᠯ ᠮᠤᠩᠭᠤᠯᠴᠤᠳ  ᠤᠨ ᠬᠠᠮᠤᠭ  ᠤᠨ ᠠᠩᠬᠠᠨ  ᠤ ᠦᠰᠦᠭ ᠪᠢᠴᠢᠭ ᠪᠤᠯᠬᠤ ᠪᠦᠭᠡᠳᠮᠤᠩᠭᠤᠯᠴᠤᠳ  ᠤᠨ ᠳᠤᠮᠳᠠ ᠬᠠᠮᠤᠭ  ᠤᠨ ᠤᠷᠳᠤ ᠤᠳᠠᠭᠠᠨ ᠬᠤᠭᠤᠴᠠᠭ᠎ᠠ ᠬᠡᠷᠡᠭᠯᠡᠭᠳᠡᠭᠰᠡᠨ ᠦᠰᠦᠭ ᠪᠢᠴᠢᠭ ᠪᠤᠯᠤᠨ᠎ᠠ ᠃ ᠡᠨᠡ ᠬᠦ ᠦᠰᠦᠭ ᠪᠢᠴᠢᠭ  ᠢ ᠮᠤᠩᠭᠤᠯᠴᠤᠳ ᠡᠷᠳᠡᠨ  ᠤ ᠤᠶᠢᠭᠤᠷ ᠦᠰᠦᠭ  ᠠᠴᠠ ᠵᠢᠭᠡᠯᠡᠨ ᠠᠪᠴᠦ ᠬᠡᠷᠡᠭᠯᠡᠭᠰᠡᠨ ᠪᠤᠯᠬᠤᠷ ᠪᠦᠷ ︽ ᠤᠶᠢᠭᠤᠷᠵᠢᠨ ᠮᠤᠩᠭᠤᠯ ᠦᠰᠦᠭ ︾ ᠬᠡᠵᠡᠭᠡᠳᠡᠭ ᠃ ᠮᠤᠩᠭᠤᠯᠴᠤᠳ ᠤᠶᠢᠭᠤᠷ ᠦᠰᠦᠭ  ᠢ ᠬᠡᠷᠡᠭᠯᠡᠬᠦ  ᠠᠴᠠ ᠡᠮᠦᠨ᠎ᠡ ᠤᠶᠢᠭᠤᠷᠴᠤᠳ ᠨᠢᠭᠡᠨᠳᠡ ᠬᠡᠷᠡᠭᠯᠡᠵᠦ ᠪᠤᠯᠪᠠᠰᠤᠷᠠᠭᠤᠯᠤᠨ ᠦᠰᠦᠭ  ᠤᠨ ᠪᠢᠴᠢᠯᠭᠡ ᠵᠢᠷᠤᠯᠭ᠎ᠠ ᠂ ᠵᠦᠪ ᠪᠢᠴᠢᠬᠦ ᠲᠦᠷᠢᠮ ᠵᠡᠷᠭᠡ ᠳᠠᠯ᠎ᠠ  ᠪᠡᠷ ᠨᠡᠯᠢᠶᠡᠳ ᠳᠡᠬᠦᠯᠳᠡᠷᠵᠢᠨ ᠳᠤᠭᠳᠠᠪᠤᠷᠢᠳᠠᠢ ᠪᠤᠯᠤᠭᠰᠠᠨ ᠪᠠᠶᠢᠪᠠ ᠃ ᠮᠤᠩᠭᠤᠯᠴᠤᠳ ᠤᠶᠢᠭᠤᠷ ᠦᠰᠦᠭ  ᠢ ᠵᠢᠭᠡᠯᠡᠨ ᠠᠪᠴᠦ ᠦᠪᠡᠷ  ᠤᠨ ᠬᠡᠯᠡ  ᠪᠡᠨ ᠳᠡᠮᠳᠡᠭᠯᠡᠬᠦ  ᠳᠡᠭᠡᠨ ᠦᠰᠦᠭ  ᠤᠨ ᠳᠡᠮᠳᠡᠭ ᠵᠢᠷᠤᠯᠭ᠎ᠠ ᠂ ᠪᠢᠴᠢᠯᠭᠡ  ᠶᠢᠨ ᠲᠢᠭ ᠮᠠᠶ᠋ᠢᠭ ᠂ ᠵᠦᠪ ᠪᠢᠴᠢᠬᠦ ᠲᠦᠷᠢᠮ ᠵᠡᠷᠭᠡ  ᠶᠢ ᠳᠡᠳᠦᠢ ᠶᠡᠬᠡ ᠬᠦᠳᠡᠯᠭᠡᠯ ᠦᠭᠡᠢ ᠬᠡᠷᠡᠭᠯᠡᠭᠰᠡᠨ ᠪᠠᠶᠢᠵᠠᠢ ᠃ ᠠᠷᠪᠠᠨ ᠭᠤᠷᠪᠠᠳᠤᠭᠠᠷ ᠵᠠᠭᠤᠨ  ᠤ ᠡᠬᠢᠨ  ᠳᠤ ᠤᠶᠢᠭᠤᠷᠵᠢᠨ ᠮᠤᠩᠭᠤᠯ ᠦᠰᠦᠭ  ᠨᠢ ᠲᠦᠷᠦ  ᠶᠢᠨ ᠬᠡᠷᠡᠭᠴᠡᠭᠡᠨ  ᠳᠤ ᠬᠡᠷᠡᠭᠯᠡᠭᠳᠡᠭᠰᠡᠨ  ᠤ ᠳᠠᠷᠠᠭ᠎ᠠ ᠮᠤᠩᠭᠤᠯ ᠬᠡᠯᠡ ᠪᠢᠴᠢᠭ  ᠤᠨ ᠡᠷᠳᠡᠮᠳᠡᠨ ᠬᠦᠩᠭᠠᠵᠠᠯᠰᠠᠨ ᠂ ᠴᠤᠶᠢᠵᠢᠠᠤᠳᠰᠠᠷ ᠂ ᠬᠦᠩᠭᠠᠠᠤᠳᠰᠠᠷ ᠵᠡᠷᠭᠡ ᠬᠦᠮᠦᠰ ︽ ᠵᠢᠷᠦᠭᠡᠨ  ᠤ ᠳᠤᠯᠳᠤ ︾ ᠮᠡᠳᠦ  ᠶᠢᠨ ᠬᠡᠯᠡᠨ  ᠤ ᠵᠦᠢ  ᠶᠢᠨ ᠪᠦᠳᠦᠭᠡᠯ  ᠢ ᠳᠤᠭᠤᠷᠪᠢᠨ ᠪᠢᠴᠢᠵᠦ ᠂ ᠤᠶᠢᠭᠤᠷᠵᠢᠨ ᠮᠤᠩᠭᠤᠯ ᠦᠰᠦᠭ  ᠤᠨ ᠳᠤᠬᠠᠢ ᠰᠤᠳᠤᠯᠭ᠎ᠠ ᠰᠢᠨᠵᠢᠯᠡᠭᠡ ᠬᠢᠵᠦ ᠂ ᠮᠤᠩᠭᠤᠯ ᠦᠰᠦᠭ  ᠤᠨ ᠳᠦᠷᠢᠮ  ᠤᠨ ᠳᠤᠭᠳᠠᠪᠤᠷᠢᠵᠢᠨ ᠲᠦᠷᠢᠮᠵᠢᠬᠦ  ᠳᠤ ᠳᠡᠦᠭᠡᠳᠦ ᠭᠠᠪᠢᠶ᠎ᠠ ᠵᠢᠳᠬᠦᠯ  ᠢ ᠦᠵᠡᠬᠦᠯᠵᠡᠢ ᠃ ᠤᠶᠢᠭᠤᠷᠵᠢᠨ ᠮᠤᠩᠭᠤᠯ ᠪᠢᠴᠢᠭ  ᠤᠨ ᠳᠤᠷᠠᠰᠬᠠᠯ  ᠳᠤ ᠬᠦᠰᠢᠶ᠎ᠡ ᠴᠢᠯᠠᠭᠤᠨ  ᠤ ᠪᠢᠴᠢᠭ ᠂ ᠬᠠᠷᠢᠯᠴᠠᠭᠠᠨ  ᠤ ᠪᠢᠴᠢᠭ ᠂ ᠵᠠᠷᠯᠢᠭ ᠠᠶᠢᠯᠠᠳᠬᠠᠯ  ᠤᠨ ᠪᠢᠴᠢᠭ ᠂ ᠪᠢᠴᠢᠮᠡᠯ ᠪᠢᠴᠢᠭ ᠪᠠ ᠤᠶᠢᠰᠤᠨ ᠳᠡᠭᠡᠷᠡᠬᠢ ᠪᠢᠴᠢᠭ ᠂ ᠳᠠᠮᠠᠭ᠎ᠠ ᠪᠠ ᠫᠠᠶᠢᠰᠠ  ᠶᠢᠨ ᠪᠢᠴᠢᠭ ᠂ ᠮᠤᠳᠤᠨ  ᠪᠠᠷ  ᠤᠨ ᠪᠢᠴᠢᠭ ᠂ ᠬᠠᠨ᠎ᠠ  ᠶᠢᠨ ᠪᠢᠴᠢᠭ  ᠠᠴᠠ ᠭᠠᠳᠠᠨ᠎ᠠ ᠪᠠᠰᠠ ᠤᠯᠠᠨ ᠳᠤᠷᠠᠰᠬᠠᠯᠳᠤ ᠮᠠᠲ᠋ᠸᠷᠢᠶᠠᠯ  ᠤᠳ ᠪᠠᠶᠢᠨ᠎ᠠ ᠃ 【ᠲᠦᠷᠪᠡᠯᠵᠢᠨ ᠦᠰᠦᠭ】 ᠮᠤᠩᠭᠤᠯᠴᠤᠳ ᠤᠶᠢᠭᠤᠷᠵᠢᠨ ᠮᠤᠩᠭᠤᠯ ᠦᠰᠦᠭ  ᠢ ᠬᠡᠷᠡᠭᠯᠡᠭᠰᠡᠨ  ᠤ ᠳᠠᠷᠠᠭᠠᠬᠢ ᠬᠠᠮᠤᠭ  ᠤᠨ ᠠᠩᠬᠠᠨ  ᠤ ᠦᠰᠦᠭ ᠪᠢᠴᠢᠭ  ᠤᠨ ᠦᠭᠡᠷᠡᠴᠢᠯᠡᠯᠳᠡ ᠪᠤᠯ 1269 ᠤᠨ  ᠳᠤ ᠬᠤᠪᠢᠯᠠᠢ ᠰᠡᠴᠡᠨ ᠬᠠᠭᠠᠨ  ᠤ ᠵᠠᠷᠯᠢᠭ  ᠢᠶᠠᠷ ᠫᠠᠭᠪᠠ ᠯᠠᠮᠠ ᠯᠤᠳᠤᠶᠢᠵᠠᠯᠽᠠᠨ ︵1238 ︱ 1280 ᠤᠨ ︶ ᠲᠦᠪᠡᠳ ᠦᠰᠦᠭ  ᠤᠨ ᠴᠠᠭᠠᠨ ᠳᠤᠯᠤᠭᠠᠢ  ᠳᠤ ᠰᠠᠭᠤᠷᠢᠯᠠᠵᠦ ︽ ᠮᠤᠩᠭᠤᠯ  ᠤᠨ ᠰᠢᠨ᠎ᠡ ᠦᠰᠦᠭ ︾ ᠭᠡᠳᠡᠭ ᠤᠯᠤᠰ  ᠤᠨ ᠦᠰᠦᠭ  ᠢ ᠵᠤᠬᠢᠶᠠᠭᠰᠠᠨ ᠪᠠᠶᠢᠨ᠎ᠠ ᠃ ᠡᠨᠡ ᠬᠦ ᠦᠰᠦᠭ  ᠢ ᠰᠡᠬᠦᠯᠴᠢ ᠦᠶ᠎ᠡ  ᠶᠢᠨ ᠮᠤᠩᠭᠤᠯᠴᠢ ᠡᠷᠳᠡᠮᠳᠡᠳ ︽ ᠫᠠᠭᠪᠠ ᠦᠰᠦᠭ ︾ ᠪᠤᠶᠦ ︽ ᠲᠦᠷᠪᠡᠯᠵᠢᠨ ᠦᠰᠦᠭ ︾ ᠭᠡᠵᠡᠭᠡᠳᠡᠭ ᠃ ᠳᠤᠰ ᠦᠰᠦᠭ  ᠢ ᠵᠤᠬᠢᠶᠠᠭᠰᠠᠨ ᠭᠤᠤᠯ ᠰᠢᠯᠳᠠᠭᠠᠨ ᠪᠤᠯ ᠨᠡᠶᠢᠭᠡᠮ ᠬᠡᠷᠡᠭᠴᠡᠭᠡ ᠪᠤᠶᠤ ᠤᠯᠤᠰ ᠲᠦᠷᠦ  ᠶᠢᠨ ᠵᠤᠷᠢᠯᠭ᠎ᠠ  ᠠᠴᠠ ᠪᠤᠯᠤᠭᠰᠠᠨ ᠶᠤᠮ ᠃ ᠲᠡᠶᠢᠮᠦ  ᠠᠴᠠ ᠲᠦᠷᠪᠡᠯᠵᠢᠨ ᠦᠰᠦᠭ  ᠨᠢ ᠶᠤᠸᠠᠨ ᠤᠯᠤᠰ  ᠤᠨ ᠬᠠᠷᠢᠶᠠᠨ  ᠳᠡᠬᠢ ᠤᠯᠠᠨ ᠦᠨᠳᠦᠰᠦᠳᠡᠨ  ᠳᠤ ᠵᠤᠷᠢᠭᠤᠯᠵᠦ ᠂ ᠶᠤᠸᠠᠨ  ᠤ ᠲᠦᠷᠦ ᠳᠤᠭᠳᠠᠨᠢᠵᠦ ᠪᠠᠶᠢᠭᠰᠠᠨ ᠬᠤᠭᠤᠴᠠᠭᠠᠨ  ᠳᠤ ᠤᠯᠤᠰ  ᠤᠨ ᠦᠰᠦᠭ  ᠤᠨ ᠬᠤᠪᠢ  ᠪᠡᠷ ᠪᠦᠬᠦ ᠤᠯᠤᠰ  ᠤᠨ ᠬᠡᠪᠴᠢᠶᠡᠨ  ᠳᠤ ᠦᠷᠭᠡᠨ  ᠢᠶᠠᠷ ᠬᠡᠷᠡᠭᠯᠡᠭᠳᠡᠵᠦ ᠪᠠᠶᠢᠵᠠᠢ ᠃ ᠬᠡᠪᠡᠴᠦ ᠳᠤᠮᠳᠠᠳᠤ ᠤᠷᠤᠨ  ᠳᠡᠬᠢ ᠶᠤᠸᠠᠨ ᠤᠯᠤᠰ  ᠤᠨ ᠲᠦᠷᠦ ᠮᠦᠬᠦᠬᠦ  ᠶᠢ ᠳᠠᠭᠠᠯᠳᠤᠨ ᠲᠦᠷᠪᠡᠯᠵᠢᠨ ᠦᠰᠦᠭ  ᠨᠢ ᠳᠡᠦᠭᠡᠨ ᠳᠠᠪᠴᠠᠩ  ᠠᠴᠠ ᠪᠠᠭᠤᠵᠦ ᠂ ᠤᠯᠤᠰ  ᠤᠨ ᠦᠰᠦᠭ  ᠢᠶᠠᠷ ᠬᠡᠷᠡᠭᠯᠡᠭᠳᠡᠬᠦ  ᠪᠡᠨ ᠪᠤᠯᠢᠭᠰᠠᠨ ᠪᠤᠯᠪᠠᠴᠤ ᠤᠮᠠᠷᠠᠳᠤ ᠶᠤᠸᠠᠨ ᠤᠯᠤᠰ  ᠤᠨ ᠦᠶ᠎ᠡ  ᠳᠤ ᠵᠠᠷᠢᠮ ᠬᠦᠰᠢᠶ᠎ᠡ ᠴᠢᠯᠠᠭᠤᠨ  ᠤ ᠪᠢᠴᠢᠭ ᠪᠤᠶᠤ ᠳᠠᠮᠠᠭ᠎ᠠ  ᠶᠢᠨ ᠪᠢᠴᠢᠭ  ᠲᠤ ᠬᠡᠷᠡᠭᠯᠡᠭᠳᠡᠵᠦ ᠪᠠᠶᠢᠪᠠ ᠃ 【ᠠᠯᠢ ᠭᠠᠯᠢ ᠦᠰᠦᠭ】 ᠠᠷᠪᠠᠨ ᠵᠢᠷᠭᠤᠳᠤᠭᠠᠷ ᠵᠠᠭᠤᠨ  ᠤ ᠰᠡᠬᠦᠯᠴᠢ ᠪᠤᠶᠤ1587 ᠤᠨ  ᠳᠤ ᠬᠠᠷᠠᠴᠢᠨ  ᠤ ᠮᠤᠩᠭᠤᠯ ᠬᠡᠯᠡ ᠪᠢᠴᠢᠭ  ᠤᠨ ᠡᠷᠳᠡᠮᠳᠡᠨ ᠠᠶᠤᠰᠢ ᠬᠦᠦᠰᠢ ᠤᠶᠢᠭᠤᠷᠵᠢᠨ ᠮᠤᠩᠭᠤᠯ ᠦᠰᠦᠭ  ᠤᠨ ᠰᠠᠭᠤᠷᠢᠨ ᠳᠡᠭᠡᠷ᠎ᠡ ᠰᠠᠨᠰᠺᠷᠢᠲ ᠪᠤᠯᠤᠨ ᠳᠦᠪᠡᠳ ᠦᠰᠦᠭ  ᠤᠨ ᠴᠠᠭᠠᠨ ᠳᠤᠯᠤᠭᠠᠢ  ᠶᠢ ᠦᠨᠳᠦᠰᠦᠯᠡᠨ ᠬᠠᠷᠢ ᠬᠡᠯᠡᠨ  ᠤ ᠦᠭᠡ  ᠶᠢ ᠳᠡᠮᠳᠡᠭᠯᠡᠬᠦ ᠳᠤᠰᠬᠠᠢ ᠳᠡᠮᠳᠡᠭ ︱ ᠠᠯᠢ ᠭᠠᠯᠢ ᠭᠠᠯᠢᠭ ᠦᠰᠦᠭ  ᠢ ᠵᠤᠬᠢᠶᠠᠵᠠᠢ ᠃ ᠳᠦᠪᠡᠳ ᠬᠡᠯᠡ  ᠪᠡᠷ ︽ ᠠᠯᠢ ︾ ᠭᠡᠳᠡᠭ  ᠨᠢ ᠡᠬᠡᠰᠢᠭ ᠂ ︽ ᠭᠠᠯᠢ ︾ ᠭᠡᠳᠡᠭ  ᠨᠢ ᠬᠡᠶᠢᠬᠦᠯᠦᠭᠴᠢ ᠭᠡᠰᠡᠨ ᠦᠭᠡ ᠪᠤᠯᠤᠨ᠎ᠠ ᠃ ᠡᠨᠡ ᠦᠰᠦᠭ  ᠨᠢ ᠳᠤᠬᠠᠢ  ᠶᠢᠨ ᠦᠶ᠎ᠡ  ᠳᠤ ᠵᠦᠪᠭᠡᠨ ᠪᠤᠷᠬᠠᠨ  ᠤ ᠱᠠᠰᠢᠨ  ᠤ ᠨᠤᠮ ᠰᠤᠳᠤᠷ  ᠢ ᠮᠤᠩᠭᠤᠯ ᠬᠡᠯᠡ  ᠪᠡᠷ ᠤᠷᠴᠢᠭᠤᠯᠬᠤ  ᠳᠤ ᠬᠠᠷᠢ ᠬᠡᠯᠡᠨ  ᠤ ᠦᠭᠡ  ᠶᠢ ᠦᠰᠦᠭᠴᠢᠯᠡᠨ ᠪᠠᠭᠤᠯᠭᠠᠬᠤ ᠳᠡᠮᠳᠡᠭ ᠪᠤᠯᠵᠦ ᠵᠢᠩᠬᠢᠨᠢ ᠦᠰᠦᠭ ᠪᠢᠴᠢᠭ  ᠢᠶᠠᠷ ᠬᠡᠷᠡᠭᠯᠡᠭᠳᠡᠭᠰᠡᠨ ᠦᠭᠡᠢ ᠪᠤᠯᠪᠠᠴᠣ ᠮᠤᠩᠭᠤᠯ ᠦᠰᠦᠭ  ᠤᠨ ᠬᠦᠷᠦᠯᠴᠡᠬᠦ ᠦᠭᠡᠢ ᠳᠠᠯ᠎ᠠ  ᠶᠢ ᠨᠦᠬᠦᠪᠦᠷᠢᠯᠡᠬᠦ ᠪᠠ ᠰᠡᠬᠦᠯᠴᠢ  ᠶᠢᠨ ᠦᠶ᠎ᠡ  ᠳᠤ ᠵᠢᠭᠡᠯᠡᠯᠭᠡ ᠦᠭᠡ  ᠶᠢ ᠳᠡᠮᠳᠡᠭᠯᠡᠬᠦ ᠨᠠᠷᠢᠨ ᠭᠠᠯᠢᠭ ︱ ᠬᠡᠶᠢᠬᠦᠯᠦᠭᠴᠢ ᠦᠰᠦᠭ  ᠤᠳ  ᠢ ᠴᠠᠭᠠᠨ ᠳᠤᠯᠤᠭᠠᠢ  ᠳᠤ ᠨᠡᠮᠡᠷᠢᠯᠡᠬᠦ  ᠳᠤ ᠰᠠᠭᠤᠷᠢ ᠦᠨᠳᠦᠰᠦᠯᠡᠯ ᠪᠤᠯᠤᠭᠰᠠᠨ  ᠠᠴᠠ ᠮᠤᠩᠭᠤᠯ ᠦᠰᠦᠭ ᠪᠢᠴᠢᠭ  ᠤᠨ ᠬᠦᠭᠵᠢᠯ  ᠳᠤ ᠴᠢᠬᠤᠯᠠ ᠦᠢᠯᠡᠳᠦᠯ ᠦᠵᠡᠬᠦᠯᠪᠡ ᠃ 【ᠳᠤᠳᠤ ᠦᠰᠦᠭ】 1648 ᠤᠨ  ᠳᠤ ᠤᠶᠢᠷᠠᠳ  ᠤᠨ ᠽᠠᠶ᠎ᠠ ᠪᠠᠨᠳᠢᠳᠠ ᠨᠠᠮᠬᠠᠶᠢᠵᠠᠮᠰᠤ ︵1599︱1662 ᠤᠨ ︶ ᠤᠶᠢᠭᠤᠷᠵᠢᠨ ᠮᠤᠩᠭᠤᠯ ᠦᠰᠦᠭ  ᠤᠨ ᠴᠠᠭᠠᠨ ᠳᠤᠯᠤᠭᠠᠢ  ᠶᠢ ᠦᠨᠳᠦᠰᠦᠯᠡᠨ ᠤᠶᠢᠷᠠᠳ ᠠᠶᠠᠯᠭᠤᠨ  ᠤ ᠤᠨᠴᠠᠯᠢᠭ  ᠲᠤ ᠤᠶᠢᠷᠠᠳᠤᠭᠤᠯᠤᠨ ᠰᠢᠨ᠎ᠡ ᠮᠤᠩᠭᠤᠯ ᠦᠰᠦᠭ ᠵᠤᠬᠢᠶᠠᠵᠠᠢ ᠃ ᠡᠨᠡ ᠬᠦ ᠰᠢᠨ᠎ᠡ ᠮᠤᠩᠭᠤᠯ ᠦᠰᠦᠭ  ᠨᠢ ᠤᠶᠢᠭᠤᠷᠵᠢᠨ ᠮᠤᠩᠭᠤᠯ ᠦᠰᠦᠭ  ᠤᠨ ᠨᠢᠭᠡ ᠳᠡᠮᠳᠡᠭ  ᠢᠶᠠᠷ ᠬᠡᠳᠦᠨ ᠠᠪᠢᠶ᠎ᠠ  ᠶᠢ ᠳᠡᠮᠳᠡᠭᠯᠡᠬᠦ ᠦᠵᠡᠭᠳᠡᠯ  ᠢ ᠤᠭᠤᠷᠴᠦ ᠂ ᠨᠢᠭᠡ ᠳᠡᠮᠳᠡᠭ  ᠢᠶᠠᠷ ᠨᠢᠭᠡ ᠠᠪᠢᠶ᠎ᠠ  ᠶᠢ ᠳᠡᠮᠳᠡᠭᠯᠡᠨ ᠂ ᠦᠰᠦᠭ ᠬᠤᠭᠤᠷᠤᠨᠳᠤ  ᠶᠢᠨ ᠢᠯᠭᠠᠭ᠎ᠠ  ᠶᠢ ᠳᠤᠳᠤᠷᠬᠠᠢ ᠪᠤᠯᠭᠠᠭᠰᠠᠨ  ᠢᠶᠠᠷ ︽ ᠳᠤᠳᠤᠷᠬᠠᠢ ᠦᠰᠦᠭ ︾ ᠪᠤᠶᠤ ︽ ᠳᠤᠳᠤ ᠦᠰᠦᠭ ︾ ᠭᠡᠵᠦ ᠠᠯᠳᠠᠷᠰᠢᠪᠠ ᠃ ᠳᠤᠳᠤ ᠦᠰᠦᠭ  ᠨᠢ ᠠᠪᠢᠶ᠎ᠠ ᠳᠡᠮᠳᠡᠭᠯᠡᠬᠦ ᠲᠦᠷᠢᠮ ᠂ ᠪᠢᠴᠢᠯᠭᠡ  ᠶᠢᠨ ᠬᠡᠯᠪᠡᠷᠢ ᠂ ᠵᠦᠪ ᠪᠢᠴᠢᠬᠦ ᠲᠦᠷᠢᠮ ᠵᠡᠷᠭᠡ ᠳᠠᠯ᠎ᠠ  ᠪᠡᠷ ᠦᠪᠡᠷᠮᠢᠴᠡ ᠤᠨᠴᠠᠯᠢᠭ ᠪᠦᠬᠦᠢ ᠦᠰᠦᠭ ᠪᠢᠴᠢᠭ  ᠤᠨ ᠰᠢᠰᠲ᠋ᠸᠮ ᠪᠤᠯᠬᠤ ᠪᠦᠭᠡᠳ ᠤᠶᠢᠷᠠᠳ ᠮᠤᠩᠭᠤᠯᠴᠤᠳ  ᠤᠨ ᠳᠤᠮᠳᠠ ᠭᠤᠷᠪᠠᠨ ᠵᠠᠭᠤ ᠭᠠᠷᠤᠢ ᠵᠢᠯ ᠬᠡᠷᠡᠭᠯᠡᠭᠳᠡᠭᠰᠡᠭᠡᠷ ᠢᠷᠡᠵᠡᠢ ᠃ 【ᠰᠤᠶᠤᠩᠪᠤ ᠦᠰᠦᠭ】 ᠠᠷᠪᠠᠨ ᠳᠤᠯᠤᠳᠤᠭᠠᠷ ᠵᠠᠭᠤᠨ  ᠤᠨ ᠰᠡᠬᠦᠯᠴᠢ ᠪᠤᠶᠤ1686 ᠤᠨ  ᠳᠤ ᠬᠠᠯᠬ᠎ᠠ  ᠶᠢᠨ ᠠᠩᠬᠠᠳᠤᠭᠠᠷ ᠵᠢᠪᠽᠤᠨᠳᠠᠮᠪᠠ ᠬᠤᠳᠤᠭᠳᠤ ᠵᠠᠨᠠᠪᠠᠽᠠᠷ ︵1635 ︱ 1723 ᠤᠨ ︶ ᠡᠨᠡᠳᠭᠡᠭ  ᠤᠨ ᠯᠠᠭᠵᠠ ᠦᠰᠦᠭ  ᠢ ᠦᠨᠳᠦᠰᠦᠯᠡᠨ ᠮᠤᠩᠭᠤᠯ ᠬᠡᠯᠡ  ᠶᠢ ᠳᠡᠮᠳᠡᠭᠯᠡᠬᠦ ᠰᠤᠶᠤᠩᠪᠦ ᠦᠰᠦᠭ  ᠢ ᠵᠤᠬᠢᠶᠠᠵᠠᠢ ᠃ ᠡᠨᠡ ᠦᠰᠦᠭ  ᠨᠢ ᠭᠤᠤᠯᠳᠠᠭᠤ ᠱᠠᠰᠢᠨ  ᠤ ᠨᠤᠮ ᠰᠤᠳᠤᠷ  ᠢ ᠤᠷᠴᠢᠭᠤᠯᠬᠤ  ᠳᠤ ᠬᠡᠷᠡᠭᠯᠡᠭᠳᠡᠵᠦ ᠪᠠᠶᠢᠭᠰᠠᠨ ᠪᠦᠭᠡᠳ ᠬᠠᠯᠬ᠎ᠠ  ᠶᠢᠨ ᠰᠦᠮ᠎ᠡ ᠬᠡᠶᠢᠳ  ᠤᠨ ᠯᠠᠮᠠ  ᠨᠠᠷ  ᠤᠨ ᠳᠤᠮᠳᠠ ᠬᠤᠶᠠᠷ ᠵᠠᠭᠤ ᠭᠠᠷᠤᠢ ᠵᠢᠯ ᠤᠯᠠᠮᠵᠢᠯᠠᠭᠳᠠᠭᠰᠠᠨ ᠪᠤᠯᠪᠠᠴᠤ ᠳᠡᠮᠡᠢ ᠳᠡᠯᠭᠡᠷᠡᠵᠦ ᠳᠡᠶᠢᠯᠦᠭᠰᠡᠨ ᠦᠭᠡᠢ ᠬᠡᠷᠡᠭᠴᠡᠭᠡᠨ  ᠠᠴᠠ ᠭᠠᠷᠴᠠᠢ ᠃ᠰᠤᠶᠤᠩᠪᠤ ᠭᠡᠳᠡᠭ ᠦᠭᠡ  ᠨᠢ ︽ ᠦᠪᠡᠷ  ᠢᠶᠠᠨ ᠭᠠᠷᠤᠭᠰᠠᠨ ᠭᠡᠭᠡᠨ ︾ ᠭᠡᠬᠦ ᠤᠳᠬ᠎ᠠ ᠳᠡᠢ ᠰᠠᠨᠰᠺᠷᠢᠲ ᠦᠭᠡ ᠪᠤᠯᠤᠨ᠎ᠠ ᠃ ᠤᠳᠤ  ᠶᠢᠨ ᠮᠤᠩᠭᠤᠯ ᠤᠯᠤᠰ  ᠤᠨ ᠲᠦᠷᠦ  ᠶᠢᠨ ᠳᠤᠭ ᠳᠡᠭᠡᠷ᠎ᠡ ᠳᠡᠭᠡᠷ᠎ᠡ ᠪᠠᠶᠢᠭ᠎ᠠ ᠰᠦᠯᠳᠡ ᠳᠡᠮᠳᠡᠭ ᠪᠤᠯ ᠰᠤᠶᠤᠩᠪᠤ ᠦᠰᠦᠭ  ᠤᠨ ᠬᠠᠭᠤᠳᠠᠰᠤᠨ  ᠤ ᠡᠬᠢᠨ  ᠳᠤ ᠳᠠᠯᠪᠢᠳᠠᠭ ᠪᠢᠷᠭ᠎ᠠ  ᠶᠢᠨ ᠦᠯᠡᠳᠡᠭᠳᠡᠯ ᠪᠤᠯᠬᠤ ᠶᠤᠮ ᠃ 【ᠸᠠᠬᠢᠨᠳᠠᠷ᠎ᠠ ᠦᠰᠦᠭ】 1905 ᠤᠨ  ᠳᠤ ᠪᠤᠷᠢᠶᠠᠳ ᠯᠠᠮᠠ ᠠᠭᠸᠠᠩᠳᠤᠷᠵᠢ ᠮᠤᠩᠭᠤᠯ ᠦᠰᠦᠭ ᠪᠠ ᠳᠤᠳᠤ ᠦᠰᠦᠭ  ᠤᠨ ᠤᠨᠴᠠᠯᠢᠭ  ᠲᠤ ᠰᠠᠭᠤᠷᠢᠯᠠᠵᠦ ᠂ ᠪᠤᠷᠢᠶᠠᠳ ᠨᠤᠳᠤᠭ  ᠤᠨ ᠠᠶᠠᠯᠭᠤᠨ  ᠤ ᠤᠨᠴᠠᠯᠢᠭ  ᠲᠠᠭᠠᠨ ᠵᠤᠬᠢᠴᠠᠭᠤᠯᠤᠨ ᠨᠢᠭᠡᠨ ᠵᠤᠶᠢᠯ  ᠤᠨ ᠰᠢᠨ᠎ᠡ ᠦᠰᠦᠭ ᠵᠤᠬᠢᠶᠠᠪᠠ ᠃ ᠵᠤᠬᠢᠶᠠᠭᠴᠢ ᠦᠪᠡᠷ  ᠤᠨ ᠨᠡᠷ᠎ᠡ ᠠᠭᠸᠠᠩᠳᠤᠷᠵᠢ ᠭᠡᠳᠡᠭ  ᠢᠶᠠᠨ ᠰᠠᠨᠰᠺᠷᠢᠲ  ᠢᠶᠠᠷ ᠤᠷᠴᠢᠭᠤᠯᠵᠦ ︽ ᠸᠠᠬᠢᠨᠳᠠᠷᠢ ︾ ᠭᠡᠵᠦ ᠵᠤᠬᠢᠶᠠᠯ  ᠤᠨ  ᠢᠶᠠᠨ ᠡᠴᠦᠰ  ᠲᠤ ᠳᠠᠯᠪᠢᠭᠰᠠᠨ  ᠠᠴᠠ ᠡᠨᠡ ᠬᠦ ᠦᠰᠦᠭ  ᠨᠢ ︽ ᠸᠠᠬᠢᠨᠳᠠᠷ᠎ᠠ ᠦᠰᠦᠭ ︾ ᠭᠡᠵᠦ ᠠᠯᠳᠠᠷᠰᠢᠪᠡ ᠃ ᠸᠠᠬᠢᠨᠳᠠᠷ᠎ᠠ ᠦᠰᠦᠭ  ᠨᠢ ᠵᠦᠪᠭᠡᠨ ᠪᠠᠶᠢᠭᠠᠯ ᠮᠦᠷᠡᠨ  ᠤ ᠤᠮᠠᠷᠠᠳᠤ ᠭᠡᠰᠡᠭ  ᠤᠨ ᠪᠤᠷᠢᠶᠠᠳ ᠮᠤᠩᠭᠤᠯᠴᠤᠳ  ᠤᠨ ᠳᠤᠮᠳᠠ ᠳᠤᠩ ᠤᠬᠤᠷᠬᠠᠨ ᠬᠤᠭᠤᠴᠠᠭ᠎ᠠ ᠬᠡᠷᠡᠭᠯᠡᠭᠳᠡᠭᠡᠳ ᠳᠡᠶᠢᠮᠦ ᠶᠡᠬᠡ ᠳᠡᠯᠭᠡᠷᠡᠵᠦ ᠴᠢᠳᠠᠭᠰᠠᠨ ᠦᠭᠡᠢ  ᠪᠡᠷ ᠤᠷᠬᠢᠭᠳᠠᠪᠠ ᠃ ᠤᠳᠤ ᠴᠦᠭᠡᠨ ᠬᠡᠳᠦᠨ ᠳᠤᠷᠠᠰᠬᠠᠯᠳᠤ ᠪᠢᠴᠢᠭ ᠦᠯᠡᠳᠡᠭᠡᠳ ᠪᠤᠢ ᠃ 【ᠰᠢᠨ᠎ᠡ ᠮᠤᠩᠭᠤᠯ ᠦᠰᠦᠭ】 ᠰᠢᠨ᠎ᠡ ᠮᠤᠩᠭᠤᠯ ᠦᠰᠦᠭ ᠪᠤᠯ ᠺᠢᠷᠢᠯ ᠦᠰᠦᠭ  ᠢᠶᠠᠷ ᠰᠠᠭᠤᠷᠢ ᠪᠤᠯᠭᠠᠭᠰᠠᠨ ᠰᠠᠯᠸ ᠴᠠᠭᠠᠨ ᠳᠤᠯᠤᠭᠠᠢ  ᠶᠢ ᠰᠢᠯᠵᠢᠬᠦᠯᠦᠨ ᠬᠡᠷᠡᠭᠯᠡᠭᠰᠡᠨ ᠨᠢᠭᠡᠨ ᠵᠤᠶᠢᠯ  ᠤᠨ ᠦᠰᠦᠭ ᠪᠢᠴᠢᠭ ᠪᠤᠯᠤᠨ᠎ᠠ ᠃ ᠮᠤᠩᠭᠤᠯ ᠤᠯᠤᠰ  ᠨᠢ 1941 ᠤᠨ  ᠳᠤ ᠳᠡᠯᠭᠡᠷᠡᠬᠦᠯᠦᠨ ᠬᠡᠷᠡᠭᠯᠡᠬᠦ ᠳᠤᠬᠠᠢ ᠳᠤᠭᠳᠠᠭᠠᠯ ᠭᠠᠷᠭᠠᠵᠦ ᠠᠯᠪᠠᠨ ᠶᠤᠰᠤ  ᠪᠡᠷ ᠪᠠᠳᠤᠯᠠᠭᠰᠠᠨ ᠪᠤᠯᠪᠠᠴᠤ ᠳᠡᠯᠡᠭᠡᠢ  ᠶᠢᠨ ᠬᠤᠶᠠᠳᠤᠭᠠᠷ ᠶᠡᠬᠡ ᠳᠠᠶᠢᠨ  ᠤ ᠨᠦᠯᠦᠭᠡ  ᠪᠡᠷ1945 ᠤᠨ  ᠤ ᠨᠠᠮᠤᠷ  ᠠᠴᠠ ᠳᠤᠷᠰᠢᠯᠳᠠ ᠬᠢᠵᠦ ᠂1946 ᠤᠨ  ᠠᠴᠠ ᠠᠯᠪᠠᠨ ᠶᠤᠰᠤᠭᠠᠷ ᠳᠦᠬᠡᠮᠡᠯᠵᠢᠬᠦᠯᠦᠨ ᠬᠡᠷᠡᠭᠯᠡᠵᠦ ᠡᠬᠢᠯᠡᠭᠰᠡᠨ ᠪᠠᠶᠢᠨ᠎ᠠ ᠃ ᠳᠤᠯᠭᠠᠭᠤᠷᠢ  ᠶᠢᠨ ᠨᠠᠶᠢᠷᠠᠭᠤᠯᠤᠭᠰᠠᠨ ︽ ᠮᠤᠩᠭᠤᠯ ᠦᠰᠦᠭ ᠪᠢᠴᠢᠭ  ᠤᠨ ᠳᠡᠦᠭᠡᠨ ᠳᠤᠶᠢᠮᠤ ︾ ︵ ᠦᠪᠦᠷ ᠮᠤᠩᠭᠤᠯ  ᠤᠨ ᠰᠤᠶᠤᠯ  ᠤᠨ ᠬᠡᠪᠯᠡᠯ  ᠤᠨ ᠬᠤᠷᠢᠶ᠎ᠠ ᠂ 1998 ᠤᠨ ︶ ᠭᠡᠬᠦ ᠨᠤᠮ  ᠢ ᠦᠨᠳᠦᠰᠦᠯᠡᠨ ᠨᠠᠶᠢᠷᠠᠭᠤᠯᠪᠠ ᠃ ᠲᠦᠪ ᠲᠧᠯᠸᠢᠰ ᠦᠨ ᠮᠤᠩᠭᠤᠯ ᠰᠦᠯᠵᠢᠶ᠎ᠡ ᠢᠷᠡᠯᠲᠡ ᠄ ᠲᠤᠮᠳᠠᠳᠤ ᠤᠯᠤᠰ  ᠤᠨ ᠮᠤᠩᠭᠤᠯ ᠬᠡᠯᠡᠡ  ᠤ ᠰᠤᠨᠢᠠ ᠮᠠᠳᠡᠬᠡ ᠵᠢᠠ ᠰᠦᠯᠵᠢᠶ᠎ᠠ