ᠲᠡᠦᠬᠡ ᠶᠢᠨ ᠬᠤᠪᠢᠰᠤᠯᠲᠠ

2015-11-04 / ᠬᠦᠬᠡᠬᠣᠲᠠ


ᠬᠥᠬᠡᠬᠤᠲᠠ ᠨᠢ 2300 ᠭᠠᠷᠤᠢ ᠵᠢᠯ ᠤᠨ ᠲᠡᠦᠬᠡ ᠲᠡᠢ ᠶᠤᠮ᠃ 1986 ᠣᠨ ᠳᠤ ᠤᠯᠤᠰ ᠤᠨ ᠶᠠᠪᠤᠳᠠᠯ ᠤᠨ ᠬᠣᠷᠢᠶ᠎ᠠ ᠠᠴᠠ ᠬᠥ᠍ᠬᠡᠤᠲᠠ ᠶᠢ ᠵᠢᠩᠬᠢᠨᠢ ᠪᠠᠷ ᠲᠡᠦᠬᠡ ᠰᠣᠶᠤᠯ ᠤᠨ ᠨᠡᠷᠡᠲᠦ ᠬᠣᠲᠠ ᠪᠠᠷ ᠨᠡᠷᠡᠯᠡᠵᠡᠢ᠃ ᠬᠥᠬᠡᠬᠤᠲᠠ ᠶᠢᠨ ᠡᠯ᠎ᠡ ᠦᠨᠳᠦᠰᠦᠲᠡᠨ ᠨᠢ ᠦᠶ᠎ᠡ ᠶᠢᠨ ᠦᠶ᠎ᠡ ᠳᠡᠭᠡᠨ ᠳᠠᠯᠠᠨ ᠬᠠᠷ᠎ᠠ ᠠᠭᠤᠯᠠ ᠶᠢᠨ ᠬᠣᠷᠮᠤᠢ᠂ ᠬᠠᠲᠤᠨ ᠭᠣᠤᠯ ᠤᠨ ᠡᠷᠭᠢ ᠳᠠᠭᠠᠤ  ᠳᠡᠬᠢ ᠦᠩ ᠰᠢᠮᠡᠯᠢᠭ ᠨᠤᠲᠤᠭ ᠳᠡᠪᠢᠰᠭᠡᠷ ᠳᠡᠭᠡᠷ᠎ᠡ ᠠᠵᠤ ᠲᠦ᠍ᠷᠦᠨ ᠠᠮᠢᠳᠤᠷᠴᠤ ᠢᠷᠡᠭᠰᠡᠨ ᠥᠯᠦᠭᠡᠢ ᠨᠤᠲᠤᠭ ᠭᠠᠯ ᠭᠤᠯᠤᠮᠲᠠ ᠨᠢ ᠶᠤᠮ᠃ ᠮᠥᠨ ᠴᠤ ᠬᠠᠮᠲᠤ ᠪᠠᠷ ᠭᠡᠷᠡᠯ ᠰᠠᠴᠤᠷᠠᠩᠭᠤᠢ ᠪᠣᠯᠪᠠᠰᠤᠨ ᠢ ᠡᠭᠦᠳᠴᠡᠢ᠃ ᠡᠨᠳᠡ ᠪᠤᠯ ᠳᠤᠮᠳᠠᠳᠤ ᠶᠢᠨ ᠦᠨᠳᠦᠰᠦᠲᠡᠨ ᠦ ᠮᠡᠨᠳᠦᠯᠡᠭᠰᠡᠨ ᠭᠠᠵᠠᠷ ᠤᠨ ᠨᠢᠭᠡ ᠨᠢ ᠪᠣᠯᠤᠨ᠎ᠠ᠃ ᠳᠤᠮᠳᠠᠳᠤ ᠣᠷᠤᠨ ᠤ ᠬᠢᠲᠠᠳ ᠦᠨᠳᠦᠰᠦᠲᠡᠨ ᠬᠢᠭᠡᠳ ᠤᠮᠠᠷᠠᠲᠤ ᠶᠢᠨ ᠴᠥᠬᠡᠨ ᠲᠣᠭᠠᠲᠤ ᠦᠨᠳᠦᠰᠦᠲᠡᠨ ᠦ ᠰᠣᠶᠤᠯ ᠤᠨ ᠨᠡᠶᠢᠯᠡᠯᠲᠡ ᠶᠢᠨ ᠴᠢᠭ᠂ ᠡᠯ᠎ᠡ ᠦᠨᠳᠦᠰᠦᠲᠡᠨ ᠦ ᠠᠷᠠᠳ ᠲᠦᠮᠡᠨ ᠬᠠᠷᠢᠯᠴᠠᠨ ᠬᠦᠨᠳᠦᠳᠭᠡᠵᠦ ᠬᠠᠷᠢᠯᠴᠠᠨ ᠬᠠᠶᠢᠷᠠᠯᠠᠬᠤ᠂ᠡᠶ᠎ᠡ ᠵᠣᠬᠢᠴᠠᠯ ᠲᠠᠢ ᠪᠠᠷ ᠵᠡᠷᠭᠡᠴᠠᠨ ᠣᠷᠤᠰᠢᠬᠤ ᠪᠦ᠍ᠯᠬᠦᠮᠳᠡᠯ ᠦᠨ ᠮᠠᠭᠲᠠᠭᠠᠯ ᠳᠠᠭᠤᠤ ᠪᠠᠨ ᠤᠯᠠᠮᠵᠢᠯᠠᠨ ᠳᠠᠭᠤᠯᠠᠭᠰᠠᠭᠠᠷ ᠁ ᠳ᠋ᠠ ᠶᠤᠤ ᠰᠣᠶᠤᠯ ᠤᠨ ᠡᠷᠲᠡᠨ ᠦ ᠦᠯᠡᠳᠡᠭᠳᠡᠯ ᠂ ᠴᠠᠭᠠᠨ ᠬᠡᠷᠡᠮ ᠦᠨ ᠦᠯᠡᠳᠡᠭᠳᠡᠯ᠂ ᠶᠦᠨ ᠵᠦᠩ ᠡᠷᠲᠡᠨ ᠦ ᠬᠤᠲᠠ᠂ ᠵᠤᠤ ᠵᠢᠶᠦᠨ ᠤ ᠣᠩᠭᠤᠨ᠂ ᠸᠠᠨ ᠪᠤᠤ ᠬᠤᠸᠠ ᠶᠠᠨ ᠵᠢᠩ ᠰᠤᠪᠤᠷᠭ᠎ᠠ᠂ ᠶᠡᠬᠡ ᠵᠤᠤ᠂ ᠰᠢᠷᠡᠭᠡᠲᠦ ᠵᠤᠤ᠂ ᠵᠠᠩᠵᠤᠨ ᠤ ᠶᠠᠮᠤᠨ᠂ ᠬᠦᠩᠵᠦ ᠶᠢᠨ ᠣᠷᠳᠤᠨ ᠵᠡᠷᠭᠡ ᠲᠡᠦᠬᠡ ᠶᠢᠨ ᠳᠤᠷᠠᠰᠬᠠᠯᠲᠤ ᠵᠦ᠍ᠢᠯᠡᠰ  ᠨᠢ ᠣᠳᠤ ᠪᠣᠯᠲᠠᠯ᠎ᠠ ᠤᠯᠠ ᠮᠦ᠍ᠷ ᠪᠡᠨ ᠬᠥᠬᠡᠬᠤᠲᠠ ᠳᠤ ᠭᠢᠯᠠᠯᠵᠠᠭᠤᠯᠤᠭᠰᠠᠭᠠᠷ ᠶᠤᠮ᠃ ᠭᠦ᠋ ᠬᠤᠨ ᠲᠠᠨ  ᠦᠨ ᠬᠡᠷᠡᠭ ᠬᠤᠪᠢᠰᠤᠯ᠂ ᠳᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠰᠠᠭᠤᠷᠢᠨ ᠭᠠᠵᠠᠷ᠂ ︽ 9· 19︾  ᠶᠢᠨ ᠡᠩᠬᠡ ᠲᠠᠶᠢᠪᠤᠩ ᠤᠨ ᠪᠤᠰᠤᠯᠭ᠎ᠠ ᠪᠤᠯ ᠡᠨᠡ ᠬᠦ ᠬᠤᠲᠠ ᠶᠢᠨ ᠡᠯ᠎ᠡ ᠦᠨᠳᠦᠰᠦᠲᠡᠨ ᠦ ᠠᠷᠠᠳ ᠲᠦᠮᠡᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠳᠤᠤᠷ᠎ᠠ ᠡᠮᠦᠨᠡᠬᠢ ᠨᠢ ᠤᠨᠠᠲᠠᠯ᠎ᠠ ᠬᠣᠶᠢᠨᠠᠬᠢ ᠨᠢ ᠵᠠᠯᠭᠠᠬᠤ ᠴᠢᠰᠤᠨ ᠪᠠᠶᠢᠯᠳᠤᠭᠠᠨ ᠬᠢᠭᠰᠡᠨ ᠢᠷᠡᠭᠤ ᠠᠯᠳᠠᠷ ᠲᠡᠦᠬᠡ ᠲᠡᠢ᠃